ᠨᠡᠪᠲᠡᠷᠡᠨ ᠤᠷᠤᠬᠤ
ᠡᠢ᠌ᠮᠦᠷᠭᠦ ᠪᠠᠢ᠌ᠴᠠᠭᠠᠯᠳᠠ

ᠭᠢᠨᠠᠨ ᠪᠠᠢ᠌ᠴᠠᠭᠠᠯᠳᠠ ᠭᠢᠭᠦ ᠭᠡᠵᠤ

ᠳᠡᠭᠡᠷᠡᠭᠢ ᠨᠢ ᠰᠥᠷᠡᠭᠡᠢ᠌ᠯᠡᠨ᠎ᠡ

ᠬᠠᠳᠠᠭᠤ ᠵᠥᠭᠡᠯᠡᠨ ᠳᠤᠨᠤᠭ ᠭᠡᠵᠤ

ᠳᠤᠤᠷᠠᠭᠢ ᠨᠢ ᠳᠠᠪᠵᠢᠶᠠᠷᠠᠨ᠎ᠠ

ᠭᠡᠵᠢᠶ᠎ᠡ ᠶᠠᠭᠠᠭᠢᠵᠤ ᠦᠨᠡᠯᠠᠨ᠎ᠠ ᠭᠡᠵᠤ

ᠴᠢᠩᠭ᠋᠎ᠠ ᠵᠢᠭᠠᠪᠣᠷᠢ ᠬᠣᠢ᠌ᠰᠠᠭᠠᠨᠠᠨ᠎ᠠ

ᠬᠠᠮᠤᠭ ᠴᠢᠬᠤᠯᠠ ᠡᠭᠦᠷᠭᠡ ᠭᠡᠵᠤ

ᠦᠨᠳᠦᠰᠦᠨ ᠱᠠᠳᠤ ᠵᠢᠷᠤᠭᠠᠯᠠᠨ᠎ᠠ


ᠭᠦᠮᠤᠨ ᠭᠦᠯᠦᠭ᠌ ᠤᠨ ᠭᠦᠴᠤ

ᠠᠷᠭᠠᠴᠠᠭᠠᠬᠤ ᠠᠯᠪᠠ ᠳᠤ ᠵᠠᠭᠢᠷᠤᠭᠳᠠᠨ᠎ᠠ

ᠬᠤᠭᠰᠢᠯ ᠮᠥᠩᠭᠦ ᠶᠢᠨ ᠢᠷ

ᠭᠡᠯᠪᠠᠷᠢ ᠶᠢᠨ ᠰᠠᠯᠭᠢ ᠳᠤ ᠬᠤᠷᠴᠠᠯᠠᠭᠳᠠᠨ᠎ᠠ

ᠬᠤᠩᠰᠢᠶᠠᠷ᠂ ᠥᠵᠦᠭ᠌᠂ ᠬᠠᠭᠤᠳᠠᠰᠤᠨ ᠳ᠋ᠤ

ᠦᠨᠡᠨ ᠴᠠᠭᠠᠨ ᠬᠤᠤᠠᠬᠤᠯᠳᠤᠨ᠎ᠠ

ᠬᠤᠪᠣᠷᠬᠠᠨ ᠴᠠᠭ ᠤᠨ ᠦᠷᠡᠭ᠍ᠳᠡᠯ ᠳ᠋ᠤ

ᠦᠷᠳᠡᠭ᠍ᠳᠤ ᠠᠵᠤ ᠳᠠᠯᠠᠭᠠᠷᠳᠠᠨ᠎ᠠ

ᠵᠤᠴᠢᠯᠠᠯ ᠳᠠᠢ᠌ᠯᠯᠠᠭ᠎ᠠ ᠬᠤᠮᠰᠠᠳᠠᠵᠤ ᠪᠣᠯᠬᠤ ᠥᠭᠡᠢ

ᠠᠯᠢ ᠪᠠᠢ᠌ᠳᠠᠭ ᠶᠢᠡᠨ ᠳᠠᠮᠳᠠᠷᠢᠨ᠎ᠠ

ᠵᠤᠭᠠᠴᠠᠯ ᠨᠠᠭᠠᠳᠤᠮ ᠳᠤᠤᠷᠠᠳᠠᠵᠤ ᠪᠣᠯᠬᠤ ᠥᠭᠡᠢ

ᠠᠯᠢ ᠰᠤᠩᠭ᠋ᠤᠳᠠᠭ ᠶᠢᠡᠨ ᠥᠵᠡᠭᠦᠯᠤᠨ᠎ᠡ

ᠵᠡᠷᠭᠡᠳᠡᠨ ᠨᠢᠭᠡᠪᠦᠷᠢ ᠨᠢ ᠪᠠᠷᠠᠭᠠᠳᠠᠬᠤ ᠦᠭᠡᠶ ᠪᠣᠯᠬᠤ ᠥᠭᠡᠢ

ᠪᠠᠢ᠌ᠬᠤ ᠪᠦᠭᠦᠳᠡᠭᠡᠷ ᠶᠢᠡᠨ ᠳᠠᠭᠠᠯᠳᠤᠨ᠎ᠠ

ᠵᠠᠪᠠᠵᠢ ᠠᠮᠠ ᠶᠢ ᠨᠢ ᠮᠤᠷᠣᠢ᠌ᠯᠭᠠᠵᠤ ᠪᠣᠯᠬᠤ ᠥᠭᠡᠢ

ᠨᠢᠦᠡᠭᠢᠷᠳᠡᠭ᠌ ᠨᠢᠮᠭᠡᠨ ᠶᠢᠡᠷ ᠮᠢᠯᠢᠶᠠᠨ᠎ᠠ

ᠠᠷᠢᠭᠢᠳᠠᠭᠤᠯᠵᠤ᠂ ᠨᠠᠭᠠᠳᠤᠭᠤᠯᠵᠤ᠂ ᠠᠳᠬᠤᠭᠤᠯᠬᠤ ᠵᠢᠨ

ᠣᠢ᠌ᠯᠠᠳᠤᠯ ᠨᠢ ᠳᠡᠭᠡᠭᠡᠳ ᠪᠠᠳᠠᠷᠠᠨ᠎ᠠ

ᠠᠰᠠᠭᠤᠵᠤ᠂ ᠰᠤᠨᠤᠰᠴᠤ᠂ ᠥᠵᠡᠭᠦ

ᠪᠠᠢ᠌ᠴᠠᠭᠠᠬᠤ ᠠᠭᠤᠯᠭ᠎ᠠ ᠳᠦᠭᠦᠮᠰᠢᠨ᠎ᠡ

ᠠᠩᠬᠠᠨ ᠤ ᠡᠨᠡ ᠪᠠᠢ᠌ᠴᠠᠭᠠᠯᠳᠠ ᠵᠢ

ᠪᠠᠶᠠᠰᠤᠯ ᠬᠠᠷᠠᠮᠰᠠᠯ ᠲᠡᠶ ᠳᠡᠭᠦᠰᠭᠡᠨ᠎ᠡ

ᠠᠷᠢᠶᠠᠪᠠᠯᠤ ᠪᠣᠷᠬᠠᠨ ᠡ᠂

ᠳᠠᠷᠠᠭᠠᠴᠢ ᠪᠠᠷ ᠡᠢ᠌ᠮᠤ ᠪᠠᠢ᠌ᠴᠠᠭᠠᠯᠳᠠ ᠶᠠᠭᠠᠭᠢᠳᠠᠭ ᠪᠣᠯ︖


ᠵᠤᠬᠢᠶᠠᠭᠴᠢ ᠶᠢᠨ ᠬᠠᠶ‍ᠢᠭ ᠄ ᠭᠡᠰᠢᠭ᠍ᠳᠡᠨ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠬᠡᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2010 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ