ᠨᠡᠪᠲᠡᠷᠡᠨ ᠤᠷᠤᠬᠤ
ᠰᠤᠷᠤᠭᠴᠢᠳ ᠢ ᠨᠤᠮ ᠣᠩᠰᠢᠬᠤ ᠰᠠᠢ᠌ᠨ ᠰᠠᠢ᠌ᠬᠠᠨ ᠵᠠᠩ ᠳᠠᠳᠬᠠᠯ ᠲᠡᠶ ᠪᠣᠯᠭᠠᠨ ᠭᠦᠮᠦᠵᠢᠭᠦᠯᠭᠦ ᠳᠤᠬᠠᠢ

ᠨᠤᠮ ᠣᠩᠰᠢᠬᠤ ᠰᠠᠢ᠌ᠨ ᠰᠠᠢ᠌ᠬᠠᠨ ᠵᠠᠩ ᠳᠠᠳᠬᠠᠯ ᠢ ᠪᠣᠢ ᠪᠣᠯᠭᠠᠬᠤ ᠶᠠᠪᠣᠳᠠᠯ ᠪᠣᠯ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠢ ᠭᠦᠮᠦᠵᠢᠭᠦᠯᠭᠦ ᠳᠤ ᠣᠮᠳᠠᠭᠠᠢ᠌ᠯᠠᠵᠤ ᠪᠣᠯᠤᠰᠢ ᠦᠭᠡᠶ ᠨᠢᠭᠡᠨ ᠴᠢᠬᠤᠯᠠ ᠰᠤᠷᠭᠠᠨ ᠭᠦᠮᠦᠵᠢᠯ ᠪᠣᠯᠬᠤ ᠶᠤᠮ᠃ ᠡᠭᠦᠨ ᠳᠤ ᠮᠠᠨ ᠤ ᠪᠠᠭᠰᠢ ᠪᠣᠯᠤᠭᠰᠠᠤᠨ ᠤᠨ ᠭᠢᠪᠠᠰᠤ ᠵᠤᠭᠢᠬᠤ ᠠᠵᠢᠯ ᠭᠡᠪᠠᠯ᠄

ᠨᠢᠭᠡ᠂ ᠡᠩ ᠳᠡᠷᠢᠭᠦᠨ ᠳᠤ ᠰᠤᠷᠭᠠᠭᠤᠯᠢ ᠳᠠᠭᠠᠨ ᠨᠤᠮ ᠤᠨ ᠭᠡᠷ ᠪᠣᠶᠤ ᠣᠩᠰᠢᠯᠭ᠎ᠠ ᠶᠢᠨ ᠳᠠᠰᠤᠭ ᠪᠠᠢ᠌ᠭᠤᠯᠵᠤ᠂ ᠰᠤᠷᠤᠭᠴᠢᠳ ᠲᠤ ᠨᠤᠮ ᠣᠩᠰᠢᠬᠤ ᠳᠤᠭᠢᠳᠠᠢ ᠰᠠᠢ᠌ᠬᠠᠨ ᠣᠷᠴᠢᠨ ᠢ ᠪᠣᠢ ᠪᠣᠯᠭᠠᠵᠤ ᠦᠭ‍ᠭᠦ ᠭᠡᠷᠡᠭ᠍ᠳᠡᠢ᠃ 《ᠨᠤᠮ ᠪᠣᠯᠪᠠᠰᠤ ᠡᠮ ᠪᠣᠯᠠᠢ᠂ ᠨᠢᠮᠪᠠᠢ ᠣᠩᠰᠢᠪᠠᠰᠤ ᠮᠤᠩᠬᠠᠭ ᠢ ᠵᠠᠰᠠᠮᠤᠢ》 ᠭᠡᠵᠤ ᠯᠤ ᠰᠢᠶᠦ᠋ᠨ ᠠᠪᠣᠭᠠᠢ ᠣᠴᠢᠷᠯᠠᠭᠰᠠᠨ ᠪᠠᠢ᠌ᠳᠠᠭ᠃ ᠡᠢ᠌ᠮᠤ ᠡᠴᠠ ᠪᠢᠳᠠ ᠰᠤᠷᠤᠭᠴᠢᠳ ᠲᠠᠭᠠᠨ ᠨᠤᠮ ᠤᠨ ᠢᠷᠠᠯᠳᠠ ᠶᠢ ᠨᠢ ᠭᠦᠢᠴᠡᠳ ᠬᠠᠩᠭ᠋ᠠᠵᠤ ᠦᠭ‍ᠭᠦ ᠪᠠᠷ ᠴᠢᠷᠮᠠᠢ᠌ᠬᠤ ᠭᠡᠷᠡᠭ᠍ᠳᠡᠢ᠃

ᠬᠤᠶᠠᠷ᠂ ᠰᠤᠷᠤᠭᠴᠢᠳ ᠲᠠᠭᠠᠨ ᠨᠤᠮ ᠣᠩᠰᠢᠬᠤ ᠨᠥᠭᠦᠴᠡᠯ ᠪᠣᠯᠤᠯᠴᠠᠭ᠎ᠠ ᠶᠢ ᠨᠢ ᠭᠦᠢᠴᠡᠳ ᠪᠦᠷᠢᠯᠳᠦᠭᠦᠯᠵᠤ ᠦᠭ‍ᠭᠦᠭ᠍ᠰᠡᠨ ᠰᠠᠭᠤᠷᠢᠨ ᠳᠡᠭᠡᠷ᠎ᠡ ᠳᠠᠳᠠᠨᠤᠰ ᠲᠤ ᠨᠤᠮ ᠣᠩᠰᠢᠬᠤ ᠰᠠᠢ᠌ᠨ ᠰᠠᠢ᠌ᠬᠠᠨ ᠵᠠᠩ ᠳᠠᠳᠬᠠᠯ ᠢ ᠪᠣᠢ ᠪᠣᠯᠭᠠᠬᠤ ᠳᠤᠬᠠᠢ ᠭᠦᠮᠦᠵᠢᠯ ᠢ ᠨᠢᠮᠪᠠᠢ ᠭᠢᠭᠦ ᠭᠡᠷᠡᠭ᠍ᠳᠡᠢ᠃ ᠰᠤᠷᠤᠭᠴᠢ ᠨᠥᠭᠦᠤᠨ ᠢ ᠰᠤᠶᠤᠯ ᠤᠨ ᠭᠢᠴᠢᠶᠠᠯ ᠶᠢᠡᠨ ᠬᠠᠷᠰᠢ ᠪᠣᠯᠭᠠᠬᠤ ᠦᠭᠡᠶ ᠨᠥᠭᠦᠴᠡᠯ ᠳᠤᠤᠷ᠎ᠠ᠂ ᠨᠤᠮ ᠣᠩᠰᠢᠵᠤ ᠰᠤᠨᠢᠨ ᠰᠡᠳᠭᠦᠯ ᠵᠠᠭᠢᠶᠠᠯᠠᠨ ᠥᠵᠡᠭᠦ ᠶᠢ ᠨᠢ ᠢᠳᠠᠪᠭᠢᠳᠠᠢ ᠵᠤᠷᠢᠭᠵᠢᠭᠤᠯᠬᠤ ᠭᠡᠷᠡᠭ᠍ᠳᠡᠢ᠃

ᠭᠤᠷᠪᠠ᠂ ᠰᠤᠷᠤᠭᠴᠢᠳ ᠲᠠᠭᠠᠨ ᠨᠤᠮ ᠣᠩᠰᠢᠬᠤ ᠴᠢᠬᠤᠯᠠ ᠴᠢᠨᠠᠷ ᠢ ᠮᠡᠳᠡᠭᠦᠯᠭᠦ ᠶᠢᠨ ᠲᠦᠯᠦᠭᠡ ᠮᠠᠨ ᠤ ᠪᠠᠭᠰᠢ ᠪᠣᠯᠤᠭᠰᠠᠤᠨ ᠴᠤ ᠨᠤᠮ ᠣᠩᠰᠢᠬᠤ ᠳᠤᠬᠠᠢ ᠦᠵᠡᠯᠳᠠ ᠳᠠᠨᠢᠯᠳᠠ ᠪᠠᠨ ᠪᠣᠰᠤᠳ ᠡᠴᠠ ᠳᠠᠪᠰᠢᠩᠭ᠋ᠤᠢ ᠪᠠᠢ᠌ᠯᠭᠠᠬᠤ ᠪᠠᠷ ᠴᠢᠷᠮᠠᠢ᠌ᠬᠤ ᠭᠡᠷᠡᠭ᠍ᠳᠡᠢ᠃ ᠳᠠᠷᠤᠢ ᠦᠪᠡᠷ ᠤᠨ ᠪᠠᠶ᠎ᠠ ᠪᠠᠷ ᠶᠢᠡᠨ ᠭᠡᠪ ᠳᠦᠷᠢᠮ ᠪᠣᠯᠵᠤ᠂ ᠨᠤᠮ ᠵᠤᠬᠢᠶᠠᠯ᠂ ᠰᠤᠨᠢᠨ ᠰᠡᠳᠭᠦᠯ ᠢᠯᠡᠭᠦᠭᠡᠨ ᠣᠩᠰᠢᠵᠤ᠂ ᠭᠦᠪᠠᠭᠡ ᠭᠢᠵᠠᠭᠠᠷ ᠦᠭᠡᠶ ᠮᠡᠳᠡᠯᠭᠡ ᠶᠢᠨ ᠳᠠᠯᠠᠢ ᠪᠣᠯᠬᠤ ᠨᠤᠮ ᠪᠢᠴᠢᠭ᠌ ᠤᠨ ᠬᠤᠷᠭᠤ ᠡᠴᠠ ᠰᠢᠩᠭᠡᠭᠡᠨ ᠠᠪᠣᠭᠰᠠᠨ ᠮᠡᠳᠡᠯᠭᠡ ᠳᠤᠷᠰᠢᠯᠭ᠎ᠠ ᠪᠠᠨ ᠭᠢᠴᠢᠶᠡᠯᠯᠡᠭᠡ ᠶᠢᠨ ᠳᠤᠮᠳᠠ ᠪᠠᠨ ᠡᠪᠯᠢᠭ᠌ ᠳᠤᠭᠢᠳᠠᠢ ᠠᠭᠤᠰᠬᠠᠨ ᠶᠠᠷᠢᠵᠤ᠂ ᠨᠤᠮ ᠤᠨ ᠳᠠᠯᠠᠢ ᠳᠤ ᠱᠤᠩᠪᠠᠬᠤ ᠳᠠᠭᠠᠨ ᠬᠠᠷᠠᠯᠳᠠ ᠪᠠᠨ ᠳᠤᠳᠤᠷᠬᠠᠢ ᠪᠠᠢ᠌ᠯᠭᠠᠬᠤ ᠶᠢ ᠦᠷᠭᠦᠯᠵᠢ ᠠᠩᠬᠠᠷᠤᠭᠤᠯᠵᠤ᠂ ᠵᠠᠪᠠᠯ ᠰᠠᠢ᠌ᠨ ᠨᠤᠮ ᠢ ᠰᠤᠩᠭ᠋ᠤᠵᠤ ᠣᠩᠰᠢᠬᠤ ᠶᠢᠨ ᠠᠴᠢ ᠳᠤᠰᠠ ᠶᠢ ᠰᠤᠷᠤᠭᠴᠢᠳ ᠲᠠᠭᠠᠨ ᠭᠦᠢᠴᠡᠳ ᠳᠠᠨᠢᠭᠤᠯᠤᠨ᠂ ᠰᠤᠷᠤᠭᠴᠢᠳ ᠤᠨ ᠨᠤᠮ ᠣᠩᠰᠢᠬᠤ ᠪᠠᠬ᠎ᠠ ᠰᠤᠨᠢᠷᠬᠠᠯ ᠢ ᠨᠢ ᠭᠦᠭ᠍ᠵᠢᠭᠡᠭᠦ ᠭᠡᠷᠡᠭ᠍ᠳᠡᠢ᠃

ᠲ᠋ᠦᠷᠪᠠ᠂ ᠵᠢᠭᠠᠨ ᠰᠤᠷᠭᠠᠯᠳᠠ ᠶᠢᠨ ᠥᠭᠡᠷᠡᠴᠢᠯᠡᠯᠳᠡ ᠶᠢ ᠳᠤᠭᠤᠰᠢᠯᠠᠭᠤᠯᠵᠤ ᠪᠦᠭᠦᠢ ᠦᠨᠦᠳᠤᠷ᠂ ᠭᠢᠴᠢᠶᠠᠯ ᠤᠨ ᠳᠠᠪᠳᠠᠷ ᠳᠠᠭᠢ ᠰᠤᠷᠬᠤ ᠠᠭᠤᠯᠭ᠎ᠠ ᠳᠤ ᠥᠭᠦᠮᠡᠯ ᠶᠢᠡᠷ ᠪᠠᠷᠢᠭᠳᠠᠵᠤ ᠪᠣᠯᠬᠤ ᠦᠭᠡᠶ ᠭᠡᠭ᠍ᠴᠢ ᠶᠢ ᠰᠤᠷᠤᠭᠴᠢᠳ ᠲᠤ ᠵᠠᠪᠠᠯ ᠳᠤᠳᠤ ᠳᠠᠨᠢᠭᠤᠯᠬᠤ ᠭᠡᠷᠡᠭ᠍ᠳᠡᠢ᠃ ᠪᠣᠳᠠᠳᠠᠢ ᠪᠠᠷ ᠭᠡᠯᠡᠪᠠᠯ᠂ ᠣᠷᠴᠢᠮ ᠤᠨ ᠭᠡᠳᠤᠨ ᠵᠢᠯ ᠤᠨ ᠶᠡᠭᠡ ᠰᠤᠷᠭᠠᠭᠤᠯᠢ ᠳᠤ ᠰᠢᠯᠭᠠᠭᠤᠯᠤᠭᠰᠠᠤᠨ ᠤᠨ ᠳᠤᠳᠤᠷᠠᠭᠢ ᠦᠨᠳᠦᠷ ᠬᠤᠪᠢ ᠣᠯᠤᠭᠰᠠᠨ ᠰᠤᠷᠤᠭᠴᠢ ᠶᠢᠨ ᠣᠯᠠᠩᠭᠢ ᠨᠢ ᠴᠦᠮ ᠡᠩ ᠤᠨ ᠴᠠᠭ ᠤᠨ ᠰᠢᠯᠭᠠᠯᠳᠠ ᠶᠢᠨ ᠬᠤᠪᠢ ᠨᠢ ᠳᠠᠮᠠᠢ ᠦᠨᠳᠦᠷ ᠪᠢᠰᠢ ᠴᠤ ᠮᠡᠳᠡᠯᠭᠡ ᠶᠢᠨ ᠭᠦᠷᠢᠶ᠎ᠡ ᠭᠡᠪᠴᠢᠶ᠎ᠡ ᠦᠷᠭᠡᠨ ᠳᠡᠯᠭᠡᠷ ᠰᠤᠷᠤᠭᠴᠢ ᠪᠠᠷ ᠰᠤᠯᠢᠭᠳᠠᠭᠰᠠᠨ ᠶᠠᠪᠣᠳᠠᠯ ᠪᠣᠯ ᠳᠠᠷᠤᠢ᠂ ᠮᠠᠨ ᠤ ᠣᠯᠤᠰ ᠤᠨ ᠬᠣᠢ᠌ᠰᠢᠳᠠ ᠶᠢᠨ ᠰᠤᠷᠭᠠᠨ ᠭᠦᠮᠦᠵᠢᠯ ᠤᠨ ᠬᠠᠠᠳᠤᠰᠢ ᠨᠢ ᠭᠢᠴᠢᠶᠡᠯᠯᠡᠭᠡ ᠶᠢᠨ ᠥᠭᠡᠷᠡᠴᠢᠯᠡᠯᠳᠡ ᠶᠢᠨ ᠦᠵᠡᠯ ᠰᠠᠨᠠᠭᠠᠨ ᠤ ᠵᠢᠯᠤᠭᠤᠳᠤᠯᠭ᠎ᠠ ᠳᠤᠤᠷ᠎ᠠ ᠣᠳᠤᠭᠢᠴᠢᠯᠠᠯᠳᠠ ᠳᠠᠰᠢ ᠳᠠᠪᠰᠢᠵᠤ ᠪᠠᠢ᠌ᠭ᠎ᠠ ᠶᠢ ᠬᠠᠷᠠᠭᠤᠯᠵᠤ ᠪᠠᠢ᠌ᠬᠤ ᠶᠤᠮ᠃

ᠲ᠋ᠠᠪᠣ᠂ ᠰᠤᠷᠤᠭᠴᠢᠳ ᠲᠤ ᠨᠤᠮ ᠣᠩᠰᠢᠬᠤ ᠣᠷ᠎ᠠ ᠳᠠᠮ ᠢ ᠴᠤ ᠪᠠᠳᠤᠳᠠᠢ ᠡᠵᠡᠮᠰᠢᠭᠦᠯᠭᠦ ᠪᠠᠷ ᠵᠤᠭᠢᠰᠳᠠᠢ ᠭᠦᠮᠦᠵᠢᠯ ᠭᠢᠭᠦ ᠭᠡᠷᠡᠭ᠍ᠳᠡᠢ᠃ ᠮᠠᠨ ᠤ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠨᠤᠮ ᠣᠩᠰᠢᠬᠤ ᠳᠠᠯ᠎ᠠ ᠪᠠᠷ ᠨᠠᠢ᠌ᠳᠠᠮ ᠣᠷᠤᠰᠢᠳᠠᠭ ᠨᠢᠭᠡᠨ ᠵᠣᠢ᠌ᠯ ᠤᠨ ᠳᠤᠳᠠᠭᠳᠠᠯ ᠭᠡᠪᠠᠯ᠂ ᠳᠠᠳᠠᠨᠤᠰ ᠨᠢᠭᠡᠨ ᠨᠤᠮ ᠢ ᠠᠪᠣᠭᠰᠠᠭᠠᠷ ᠯᠠ ᠳᠡᠭᠦᠨ ᠤ ᠳᠤᠳᠤᠷᠠᠭᠢ ᠦᠯᠢᠭᠡᠷ ᠤᠨ ᠣᠴᠢᠷ ᠲᠤ ᠨᠢᠭᠡᠮᠦᠰᠤᠨ ᠳᠠᠳᠠᠭᠳᠠᠵᠤ᠂ ᠪᠣᠰᠤᠳ ᠳᠠᠯ᠎ᠠ ᠶᠢ ᠦᠴᠦᠭᠡᠨ ᠴᠤ ᠬᠠᠮᠢᠶᠠᠷᠬᠤ ᠦᠭᠡᠶ ᠪᠣᠯᠳᠠᠭ᠃ ᠳᠠᠷᠤᠢ ᠨᠤᠮ ᠳ᠋ᠠᠭᠢ ᠦᠯᠢᠭᠡᠷ ᠤᠨ ᠣᠴᠢᠷ ᠶᠠᠭᠠᠭᠢᠨ ᠭᠦᠭ᠍ᠵᠢᠭᠦ ᠳᠤᠬᠠᠢ ᠪᠣᠰᠤᠨ ᠰᠠᠭᠤᠨ ᠰᠠᠨᠠᠭᠠᠰᠢᠷᠠᠵᠤ᠂ ᠵᠠᠪ ᠯᠠ ᠣᠯᠳᠠᠪᠠᠯ ᠦᠨᠦᠭᠢ ᠨᠤᠮ ᠶᠢᠡᠨ ᠱᠠᠭᠠᠢ᠌ᠭᠰᠠᠭᠠᠷ ᠪᠠᠢ᠌ᠭᠠᠤᠨ ᠣᠩᠰᠢᠵᠤ ᠪᠠᠷᠠᠭᠠᠪᠠᠯ ᠰᠠᠨᠠᠭ᠎ᠠ ᠨᠢ ᠠᠮᠤᠷᠴᠤ᠂ ᠴᠢᠨᠠᠭᠰᠢ ᠪᠢᠯᠠᠭᠤᠳᠠᠴᠢᠬᠠᠳᠠᠭ᠃ ᠬᠠᠷᠢᠨ ᠳᠤᠰ ᠨᠤᠮ ᠳ᠋ᠠᠭᠢ ᠦᠯᠢᠭᠡᠷ ᠤᠨ ᠣᠴᠢᠷ ᠢ ᠶᠠᠮᠠᠷ ᠪᠢᠴᠢᠯᠭᠡ ᠶᠢᠨ ᠠᠷᠭ᠎ᠠ ᠪᠠᠷ ᠶᠠᠭᠠᠭᠢᠨ ᠣᠷᠠᠯᠠᠨ ᠪᠦᠳᠦᠭᠡᠭ᠍ᠰᠡᠨ ᠵᠡᠷᠭᠡ ᠴᠤᠬᠤᠮ ᠭᠦ ᠰᠤᠷᠪᠠᠰᠤ ᠵᠤᠭᠢᠰᠳᠠᠢ ᠮᠡᠳᠡᠯᠭᠡ ᠶᠢᠨ ᠴᠢᠨᠠᠷᠳᠠᠢ ᠵᠣᠢ᠌ᠯᠠᠰ ᠢ ᠨᠢ ᠣᠮᠳᠠᠭᠠᠢ᠌ᠯᠠᠭᠰᠠᠨ ᠪᠠᠢ᠌ᠳᠠᠭ᠃ ᠡᠢ᠌ᠮᠤ ᠡᠴᠠ ᠮᠠᠨ ᠤ ᠪᠠᠭᠰᠢ ᠪᠣᠯᠤᠭᠰᠠᠤᠨ ᠰᠤᠷᠤᠭᠴᠢᠳ ᠲᠠᠭᠠᠨ ᠨᠤᠮ ᠣᠩᠰᠢᠬᠤ ᠣᠷ᠎ᠠ ᠳᠠᠮ ᠤᠨ ᠳᠠᠯ᠎ᠠ ᠪᠠᠷ ᠨᠢᠮᠪᠠᠢ ᠳᠠᠢ᠌ᠯᠪᠣᠷᠢᠯᠠᠵᠤ ᠨᠠᠷᠢᠯᠢᠭ ᠵᠢᠯᠤᠭᠤᠤᠠᠬᠤ ᠶᠢ ᠠᠩᠬᠠᠷᠬᠤ ᠭᠡᠷᠡᠭ᠍ᠳᠡᠢ᠃

ᠵᠢᠷᠭᠤᠭ᠎ᠠ᠂ ᠬᠠᠮᠤᠭ ᠰᠡᠭᠦᠯ ᠳ᠋ᠤᠨᠢ ᠴᠢᠬᠤᠯᠴᠢᠯᠠᠨ ᠳᠤᠷᠠᠳᠤᠭᠤᠰᠢᠳᠠᠢ ᠨᠢ ᠭᠡᠪᠠᠯ᠂ ᠮᠡᠳᠡᠯᠭᠡ ᠰᠤᠷᠤᠶ᠎ᠠ ᠭᠡᠰᠡᠨ ᠭᠦᠮᠦᠰ ᠲᠤ ᠨᠤᠮ ᠪᠣᠯᠪᠠᠰᠤ ᠳᠤᠳᠠᠭᠳᠠᠵᠤ ᠪᠣᠯᠤᠰᠢ ᠦᠭᠡᠶ ᠭᠦᠷᠦᠩᠭᠡ ᠮᠦᠨ ᠭᠡᠭ᠍ᠴᠢ ᠶᠢ ᠰᠤᠷᠤᠭᠴᠢᠳ ᠲᠤ ᠵᠠᠪᠠᠯ ᠮᠡᠳᠡᠭᠦᠯᠵᠤ᠂ ᠡᠭᠦᠨ ᠤ ᠣᠯᠠᠮ ᠡᠴᠠ ᠨᠤᠮ ᠪᠢᠴᠢᠭ᠌ ᠴᠤᠭᠯᠠᠭᠤᠯᠬᠤ ᠪᠠ ᠨᠤᠮ ᠪᠢᠴᠢᠭ᠌ ᠢ ᠭᠢᠮᠠᠭᠠᠳᠠᠨ ᠬᠠᠢ᠌ᠷᠠᠯᠠᠬᠤ ᠰᠠᠢ᠌ᠨ ᠰᠠᠢ᠌ᠬᠠᠨ ᠵᠠᠩ ᠳᠠᠳᠬᠠᠯ ᠲᠡᠶ ᠪᠣᠯᠭᠠᠨ ᠭᠦᠮᠦᠵᠢᠭᠦᠯᠭᠦ ᠭᠡᠷᠡᠭ᠍ᠳᠡᠢ᠃


ᠵᠤᠬᠢᠶᠠᠭᠴᠢ ᠶᠢᠨ ᠬᠠᠶ‍ᠢᠭ ᠄ ᠪᠠᠭᠠᠷᠢᠨ ᠪᠠᠷᠠᠭᠤᠨ ᠬᠤᠰᠢᠭᠤ

ᠵᠤᠬᠢᠶᠠᠭᠴᠢ᠄ ᠪᠠᠭᠠᠷᠢᠨ‍ᠴᠢᠮᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3070
ᠴᠠᠭ᠄ 2010 ᠤᠨ ᠤ 04 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ