ᠨᠡᠪᠲᠡᠷᠡᠨ ᠤᠷᠤᠬᠤ
ᠰᠠᠨᠠᠨ᠎ᠠ ᠳ᠋ᠠ ︕ ᠴᠢᠮ᠎ᠠ ᠪᠠᠨ ᠁

ᠰᠠᠷᠠᠨ ᠳᠡᠭᠡᠷ᠎ᠡ ᠶᠠᠭᠤ ᠪᠠᠢ᠌ᠬᠤ ᠶᠢ

ᠰᠠᠨᠠᠬᠤ ᠳᠠᠭᠠᠨ ᠴᠢᠮ᠎ᠠ ᠡᠴᠡ ᠠᠰᠠᠭᠤᠳᠠᠭ ᠪᠠᠢ᠌ᠯ᠎ᠠ

ᠰᠠᠷᠠᠨ᠎ᠠ ᠴᠡᠴᠡᠭ᠌ ᠤᠨ ᠵᠢᠰᠤ ᠲᠡᠶ ᠪᠠᠨ

ᠰᠠᠠᠳᠤᠷᠴᠤ ᠬᠠᠷᠢᠭᠤᠯᠬᠤ ᠦᠭᠡᠶ ᠴᠢᠨᠢ ᠦᠨᠡᠨ ᠪᠠᠢ᠌ᠯ᠎ᠠ᠃

ᠰᠠᠨᠠᠨ᠎ᠠ ᠳ᠋ᠠ ︕ ᠴᠢᠮ᠎ᠠ ᠪᠠᠨ ᠭᠡᠭᠦ ᠡᠴᠡ

ᠰᠠᠠᠰᠠᠷ ᠤᠨ ᠣᠳᠤᠳ ᠭᠡᠭᠡ ᠠᠯᠳᠠᠷᠠᠨ᠎ᠠ

ᠰᠠᠨᠠᠨ᠎ᠠ ᠳ᠋ᠠ ︕ ᠴᠢᠮ᠎ᠠ ᠪᠠᠨ ᠭᠡᠭᠦ ᠡᠴᠡ

ᠰᠠᠯᠭᠢᠨ ᠤ ᠵᠢᠭᠦᠷ ᠭᠦᠯᠦᠭ᠌ ᠠᠯᠳᠠᠯᠠᠨ᠎ᠠ

ᠨᠠᠷᠠᠨ ᠤ ᠳᠤᠤᠷ᠎ᠠ ᠨᠠᠷᠭᠢᠵᠤ ᠶᠠᠪᠣᠭᠰᠠᠨ

ᠨᠠᠪᠴᠢᠨ ᠵᠠᠯᠠᠭᠤ ᠵᠡᠭᠦᠳᠤ ᠪᠠᠨ ᠳᠡᠭᠦᠵᠤ

ᠨᠠᠢ᠌ᠷᠠᠭ ᠤᠨ ᠰᠢᠷᠡᠭᠡᠨ ᠳᠤ ᠨᠢᠳᠤᠯᠠᠵᠤ ᠶᠠᠪᠣᠭᠰᠠᠨ

ᠨᠠᠢ᠌ᠷᠰᠠᠭ ᠴᠢᠮ᠎ᠠ ᠪᠠᠨ ᠥᠭᠡᠢ᠌ᠯᠡᠨ ᠢᠷᠡᠭᠦ ᠳᠤ

ᠨᠠᠮᠬᠠᠨ ᠪᠣᠷᠤ ᠭᠦᠳᠦᠯ ᠤᠨ ᠣᠷᠣᠢ᠌ᠤᠨ

ᠨᠠᠳᠠ ᠪᠠᠨ ᠳᠠᠭᠠᠵᠤ ᠥᠡᠳᠦᠯᠵᠢᠭ᠍ᠰᠡᠨ

ᠨᠠᠮᠤᠷ ᠤᠨ ᠪᠦᠷᠦᠢ ᠶᠢᠨ ᠳᠠᠷᠠ ᠦᠳᠡᠰᠢ

ᠨᠠᠭᠤᠷ ᠤᠨ ᠭᠠᠯᠠᠭᠤ ᠲᠡᠶ ᠪᠠᠨ ᠪᠣᠳᠤᠯ ᠳᠤ ᠪᠣᠴᠠᠨ᠎ᠠ

ᠰᠠᠨᠠᠨ᠎ᠠ ᠳ᠋ᠠ ︕ ᠴᠢᠮ᠎ᠠ ᠪᠠᠨ ᠭᠡᠭᠦ ᠡᠴᠡ

ᠰᠠᠷᠠᠨ ᠤ ᠭᠡᠷᠡᠯ ᠮᠥᠷᠦᠭᠡᠳᠦᠯ ᠳᠤ ᠣᠷᠭᠤᠨ᠎ᠠ

ᠰᠠᠨᠠᠨ᠎ᠠ ᠳ᠋ᠠ ︕ ᠴᠢᠮ᠎ᠠ ᠪᠠᠨ ᠭᠡᠭᠦ ᠡᠴᠡ

ᠰᠠᠠᠰᠠᠷ ᠬᠤᠷᠸ᠎ᠠ ᠰᠠᠢ᠌ᠬᠠᠨ ᠶᠢᠠᠷ ᠵᠤᠳᠠᠨ᠎ᠠ


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ

ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2010 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ