ᠨᠡᠪᠲᠡᠷᠡᠨ ᠤᠷᠤᠬᠤ
ᠭᠦᠭᠡ ᠨᠠᠭᠤᠷ

ᠮᠢᠨᠤ ᠳᠤᠷᠠᠯᠠᠵᠤ ᠶᠠᠪᠣᠭᠰᠠᠨ ᠭᠡᠦᠭᠡᠨ ᠤ

ᠮᠠᠷᠮᠠᠬᠠᠨ ᠳᠤᠩᠭ᠋ᠠᠯᠠᠭ ᠨᠢᠳᠤ

ᠮᠢᠨᠤ ᠭᠤᠮᠤᠳᠠᠯ ᠡᠪᠦᠷᠯᠡᠭ᠍ᠰᠡᠨ ᠵᠠᠭᠢᠳᠠᠯ ᠤᠨ

《ᠮᠠᠷᠭᠠᠰᠢ ᠰᠠᠯᠤᠶ᠎ᠠ》 ᠭᠡᠰᠡᠨ ᠭᠡᠴᠡᠭᠦᠤ ᠥᠭᠡ

ᠳᠠ ᠶᠤᠮ ᠭᠦᠭᠡ ᠨᠠᠭᠤᠷ ᠮᠢᠨᠢ

ᠣᠬᠠᠭᠠᠠᠳᠤ ᠮᠡᠷᠭᠡᠨ ᠳᠠᠮᠠᠨᠠ ᠶᠢᠨ

ᠣᠷᠴᠢᠯᠠᠩ ᠳᠤ ᠥᠯᠡᠳᠡᠭ᠍ᠰᠡᠨ ᠳᠤᠯᠢ

ᠣᠯᠠᠷᠢᠯ ᠡᠭᠡᠯᠵᠢᠯᠡᠭ᠍ᠰᠡᠨ ᠨᠡᠭᠦᠳᠡᠯᠴᠢᠳ ᠤᠨ

ᠰᠠᠨᠠᠭ᠎ᠠ ᠠᠷᠭᠠᠮᠵᠢᠭᠰᠠᠨ ᠣᠶᠠᠭ᠎ᠠ

ᠭᠦᠮᠤᠨ ᠤ ᠣᠯᠠᠨ ᠭᠦᠪᠠᠭᠦᠤᠨ ᠤᠨ

ᠭᠦᠰᠡᠯ ᠳᠡᠷᠪᠠᠭᠦᠯᠦᠭᠰᠡᠨ ᠭᠡᠦᠭᠡᠨ

ᠭᠦᠭ᠍ᠰᠢᠨ ᠪᠣᠭᠤᠷᠤᠯ ᠡᠵᠢ ᠶᠢᠨ

ᠭᠦᠤ ᠳᠡᠭᠡᠨ ᠡᠷᠭᠦᠭ᠍ᠰᠡᠨ ᠰᠠᠴᠤᠯᠢ ᠳᠠ ᠶᠤᠮ

ᠬᠤᠷᠢᠨ ᠶ‍ᠢᠰᠤᠨ ᠮᠤᠩᠭ᠋ᠤᠯ ᠬᠤᠰᠢᠭᠤᠳ ᠤᠨ

ᠨᠢᠷᠭᠡᠵᠤ ᠳᠠᠭᠢᠭᠰᠠᠨ ᠨᠠᠢ᠌ᠷ ᠤᠨ ᠰᠢᠳᠦᠭᠡᠨ

ᠬᠣᠢ᠌ᠴᠢ ᠶᠢᠨ ᠣᠯᠠᠨ ᠦᠷᠡᠰ ᠤᠨ ᠭᠢᠨᠢ

ᠵᠠᠳᠠᠯᠵᠤ ᠴᠢᠳᠠᠭᠠᠳᠤᠢ ᠪᠢᠳᠡᠭᠦᠤ ᠭᠤᠨᠢᠭ ᠳᠠ ᠶᠤᠮ

ᠨᠢᠭᠦᠯ ᠠᠷᠢᠯᠭᠠᠭᠰᠠᠨ ᠮᠥᠷᠭᠦᠯᠴᠢᠳ ᠤᠨ

ᠴᠢᠯᠡᠭᠡ ᠳᠠᠢ᠌ᠯᠤᠭᠰᠠᠨ ᠠᠶᠠᠨ ᠤ ᠥᠷᠳᠡᠭᠡ

ᠨᠡᠭᠦᠳᠡᠯ ᠳᠠᠮᠨᠠᠭᠰᠠᠨ ᠬᠤᠱᠤᠳ ᠤᠨ

ᠨᠢᠭᠤᠵᠤ ᠴᠢᠳᠠᠭᠠᠳᠤᠢ ᠭᠡᠮᠰᠢᠯ ᠤᠨ ᠨᠢᠯᠪᠣᠰᠤ ᠳᠠ ᠶᠤᠮ

ᠮᠢᠷᠠᠯᠵᠠᠬᠤ ᠴᠡᠩᠭᠡᠷ ᠳᠤᠯᠭᠢᠶᠠᠨ ᠴᠢᠨᠢ

ᠮᠢᠩᠭ᠋ᠠᠨ ᠠᠭᠳᠠ ᠶᠢᠨ ᠨᠢᠷᠤᠭᠤ ᠰᠢᠭ ᠭᠢᠯᠦᠭᠡᠷ

ᠠᠨᠢᠷ ᠳᠤᠷᠭᠢᠬᠤ ᠳᠦᠯᠭᠡᠭᠡᠨ ᠴᠢᠨᠢ

ᠠᠮᠠᠷᠠᠭ ᠤᠨ ᠵᠥᠭᠡᠯᠡᠨ ᠰᠢᠪᠠᠨᠠᠯ ᠰᠢᠭ᠌ ᠣᠶᠠᠬᠠᠨ

ᠭᠦᠭᠡ ᠴᠡᠯᠡᠭᠡᠷ ᠨᠠᠭᠤᠷ ᠨᠢ

ᠳᠡᠭ᠍ᠷᠢ ᠶᠢᠨ ᠣᠢ᠌ᠳᠠᠰᠤ ᠰᠢᠭ ᠠᠭᠤᠳᠠᠮ

ᠭᠦᠭᠡ ᠴᠡᠩᠭᠡᠷ ᠣᠰᠤ ᠨᠢ

ᠳᠡᠷᠭᠡᠯ ᠰᠠᠷᠠ ᠰᠢᠭ ᠳᠦᠭᠦᠷᠡᠩ ᠶᠤᠮ

ᠣᠨ ᠤ ᠪᠦᠳᠤᠨ ᠵᠤᠯᠠᠢ ᠮᠠᠨᠠᠳᠠᠭ ᠡᠴᠡ

ᠣᠷᠴᠢᠯᠠᠩ ᠤᠨ ᠵᠢᠭᠦᠷᠳᠡᠨ ᠴᠤᠭᠯᠠᠳᠠᠭ ᠪᠠᠢ᠌ᠵᠠᠢ

ᠡᠪᠦᠷ ᠨᠢ ᠳᠠᠢ᠌ᠮᠤ ᠳᠤᠯᠠᠭᠠᠬᠠᠨ ᠡᠴᠡ

ᠡᠯᠳᠡᠪ ᠤᠨ ᠵᠢᠭᠠᠰᠤ ᠵᠢᠷᠭᠠᠬᠠᠢ᠌ᠯᠠᠳᠠᠭ ᠪᠠᠢ᠌ᠵᠠᠢ

ᠡᠭᠡ ᠶᠢᠨ ᠰᠥ᠋ ᠰᠢᠭ᠌ ᠣᠠᠳᠤᠷᠤᠭᠠᠳᠠᠢ ᠡᠴᠡ

ᠣᠰᠤ ᠨᠢ ᠶᠠᠷᠤ ᠳᠤᠠᠳᠠᠷᠠᠳᠠᠭ ᠦᠭᠡᠶ ᠪᠠᠢ᠌ᠵᠠᠢ

ᠡᠩᠭᠡ ᠶᠢᠨ ᠴᠡᠩᠭᠡᠷ ᠳᠡᠭᠡᠵᠢ ᠰᠢᠭ᠌ ᠡᠴᠡ

ᠨᠠᠷ᠎ᠠ ᠨᠢ ᠶᠠᠷᠤ ᠬᠤᠭᠤᠷᠠᠳᠠᠭ ᠦᠭᠡᠶ ᠪᠠᠢ᠌ᠵᠠᠢ

ᠮᠢᠨᠤ ᠳᠤᠷᠠᠯᠠᠵᠤ ᠶᠠᠪᠣᠭᠰᠠᠨ ᠭᠡᠦᠭᠡᠨ ᠤ

ᠮᠠᠷᠮᠠᠬᠠᠨ ᠳᠤᠩᠭ᠋ᠠᠯᠠᠭ ᠮᠠᠯᠠᠮᠠᠢ

ᠮᠢᠨᠤ ᠭᠤᠮᠤᠳᠠᠵᠤ ᠡᠪᠦᠷᠯᠡᠭ᠍ᠰᠡᠨ ᠵᠠᠭᠢᠳᠠᠯ ᠤᠨ

《ᠮᠠᠷᠭᠠᠰᠢ ᠰᠠᠯᠤᠶ᠎ᠠ》 ᠭᠡᠰᠡᠨ ᠭᠡᠴᠡᠭᠦᠤ ᠬᠠᠷᠢᠭᠤ ᠳᠠ ᠶᠤᠮ

ᠭᠦᠭᠡ ᠨᠠᠭᠤᠷ ᠮᠢᠨᠢ

ᠵᠤᠬᠢᠶᠠᠭᠴᠢ᠄ ᠪᠠᠶᠠᠨ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 2793
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ