ᠨᠡᠪᠲᠡᠷᠡᠨ ᠤᠷᠤᠬᠤ
ᠴᠢᠮ᠎ᠠ ᠳᠤ ᠪᠢᠴᠢᠭ᠍ᠰᠡᠨ ᠵᠠᠭᠢᠶ᠎ᠠ

  ᠠᠮᠢᠳᠤᠷᠠᠯ ᠭᠡᠳᠡᠭ᠌ ᠨᠢᠭᠡᠨ ᠥᠭᠡᠨ ᠳᠤ ᠪᠢᠳᠠ ᠬᠤᠶᠠᠭᠤᠯᠠ ᠶᠢ ᠭᠡᠨ ᠠᠷᠭᠠᠮᠵᠢᠯ᠎ᠠ

  ᠡᠩᠭᠡᠷ ᠡᠪᠴᠢᠭᠦᠤ ᠪᠠᠨ ᠳᠠᠪᠠᠷᠢᠯᠴᠠᠨ ᠥᠪᠠᠷᠳᠡᠭᠡᠨ ᠳᠤᠷᠠᠳᠠᠢ᠌ᠬᠠᠨ ᠳᠤᠷᠤᠭᠳᠠᠭᠰᠠᠨ

  ᠥᠩᠭᠡᠷᠭ᠍ᠰᠡᠨ ᠰᠦᠨᠢ ᠶᠢᠨ ᠳᠦᠭᠦᠷᠢᠭ᠌ ᠰᠠᠷᠠᠨ ᠢ ᠴᠢ ᠬᠠᠷᠠᠭ᠎ᠠ ᠦᠦ︖

  ᠡᠪ ᠥᠭᠡᠢ᠌ᠭᠡᠨ ᠮᠥᠰᠢᠶᠡᠴᠢᠭᠡᠭᠡᠳ ᠪᠢᠳᠠᠨ ᠳᠤ ᠬᠠᠨᠢ ᠪᠣᠯᠤᠭᠰᠠᠨ

  

  ᠴᠢᠨᠤ ᠲᠦᠯᠦᠭᠡ ᠭᠡᠳᠥᠢᠴᠢᠨᠡᠭᠡᠨ ᠰᠢᠨᠠᠯᠠᠭᠰᠠᠨ ᠢ ᠮᠢᠨᠢ ᠴᠢ ᠭᠡᠳᠥᠢᠨ ᠮᠡᠳᠡᠭᠦ ᠪᠣᠯ

  ᠡᠷ᠎ᠡ ᠶᠢᠨ ᠰᠡᠳᠭᠢᠯ ᠢ ᠨᠢᠯᠪᠣᠰᠤ ᠣᠨᠠᠭᠠᠬᠤ ᠦᠭᠡᠶ ᠭᠡᠵᠤ ᠭᠡᠨ ᠭᠡᠯᠡᠯ᠎ᠡ

  ᠴᠢᠮ᠎ᠠ ᠳᠤ ᠦᠭ‍ᠭᠦᠭ᠍ᠰᠡᠨ ᠬᠠᠢ᠌ᠷ᠎ᠠ ᠭᠡᠷᠪᠡ ᠪᠣᠷᠤᠭᠤᠳᠠᠭᠰᠠᠨ ᠪᠣᠯ

  ᠠᠯᠢ ᠨᠢᠭᠡᠨ ᠮᠦᠴᠡ ᠳᠤ ᠨᠠᠳᠠ ᠳᠤ ᠰᠡᠮᠡᠷᠭᠡᠨ ᠰᠢᠪᠠᠨᠡᠭᠡᠴᠢ ᠳ᠋ᠠ


  ᠨᠠᠮᠤᠷ ᠤᠨ ᠨᠠᠪᠴᠢᠰ ᠰᠢᠭ᠌ ᠴᠢ ᠮᠢᠨᠢ ᠪᠢᠳᠡᠭᠡᠢ ᠠᠶᠠᠷᠯᠠᠭᠠᠴᠢ ᠳ᠋ᠠ

  ᠠᠷᠤ ᠳᠤ ᠴᠢᠨᠢ ᠥᠯᠡᠳᠡᠭᠦ ᠨᠢ ᠵᠥᠪᠭᠡᠨ ᠮᠢᠨᠤ ᠪᠠᠷ᠎ᠠ ᠪᠠᠢ᠌ᠳᠠᠭ ᠶᠤᠮ

  ᠭᠦᠯ ᠤᠨ ᠣᠯᠠ ᠶᠢ ᠴᠢᠨᠢ ᠳᠠᠭᠠᠵᠤ ᠣᠳᠤᠭᠰᠠᠨ ᠨᠠᠪᠴᠢᠰ ᠤᠨ

  ᠬᠠᠯᠠᠭᠤᠨ ᠬᠠᠢ᠌ᠷ᠎ᠠ ᠪᠣᠯᠤᠨ ᠭᠦᠢᠳᠡᠨ ᠨᠢᠯᠪᠣᠰᠤ ᠪᠠᠢ᠌ᠳᠠᠭ ᠶ‍ᠦᠮ


  ᠭᠡᠵᠢᠶ᠎ᠡ ᠴᠢ ᠨᠠᠳᠠ ᠶᠢ ᠵᠡᠭᠦᠳᠦᠯᠡᠵᠤ ᠣᠯᠪᠠᠯ ᠪᠢᠳᠡᠭᠡᠢ ᠮᠠᠷᠳᠠᠭᠠᠴᠢ

  ᠭᠡᠷᠡᠭ᠌ ᠦᠭᠡᠶ ᠴᠤ ᠭᠡᠰᠡᠨ ᠨᠠᠳᠠ ᠳᠤ ᠮᠡᠳᠡᠭᠦᠯᠵᠤ ᠪᠠᠢ᠌ᠭᠠᠷᠠᠢ

  ᠡᠷᠭᠢᠵᠤ ᠴᠢᠨᠤ ᠰᠡᠳᠭᠢᠯ ᠳᠤ ᠪᠠᠢ᠌ᠵᠤ ᠴᠢᠳᠠᠬᠤ ᠦᠭᠡᠶ ᠴᠤ

  ᠠᠯᠢ ᠬᠤᠯᠠ ᠪᠠᠢ᠌ᠭ᠎ᠠ ᠦᠭᠡᠶ ᠭᠡᠳᠡᠭ᠌ ᠶᠢᠡᠨ ᠮᠡᠳᠡᠭ᠍ᠰᠡᠨ ᠴᠤ ᠵᠢᠷᠭᠠᠯ ᠶᠤᠮ


       2011᠂ 1᠂ 12


ᠵᠤᠬᠢᠶᠠᠭᠴᠢ᠄ ᠭᠦᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2634
ᠴᠠᠭ᠄ 2011 ᠤᠨ ᠤ 01 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ