ᠨᠡᠪᠲᠡᠷᠡᠨ ᠤᠷᠤᠬᠤ
ᠨᠠᠢ᠌ᠷᠠᠭ ᠤᠨ ᠰᠤᠳᠤᠨ ᠮᠤᠩᠭ᠋ᠤᠯ ᠬᠡᠦᠬᠡᠳ

ᠨᠠᠪᠴᠢᠰ ᠭᠦᠭᠡᠷᠦᠭᠦᠨ ᠳᠡᠭ᠍ᠵᠢᠭᠦᠨ ᠥᠰᠦᠭᠡ

ᠨᠠᠢ᠌ᠷᠠᠭ ᠤᠨ ᠰᠤᠳᠤᠨ ᠮᠤᠩᠭ᠋ᠤᠯ ᠬᠡᠦᠬᠡᠳ ᠪᠠᠢ᠌ᠨᠠᠮ

ᠨᠢᠯᠬ᠎ᠠ ᠣᠬᠠᠭ᠎ᠠ ᠪᠠᠨ ᠨᠠᠷᠠᠨ ᠳᠤ ᠡᠭᠡᠭᠡᠭ᠍ᠰᠡᠨ

ᠨᠠᠮᠢᠷᠠᠭᠰᠠᠨ ᠪᠣᠳᠤᠯ ᠤᠨ ᠨᠠᠭᠢᠶ᠎ᠠ ᠪᠠᠢ᠌ᠨᠠᠮ


ᠣᠭᠢᠯᠠᠵᠤ ᠢᠷᠡᠭ᠍ᠰᠡᠨ ᠥᠯᠦᠭᠡᠢ ᠬᠠᠩᠭ᠋ᠠᠢ ᠳᠤ ᠪᠠᠨ

ᠢᠨᠢᠶᠠᠵᠤ ᠳᠡᠯᠭᠡᠷᠡᠭᠦ ᠴᠡᠴᠡᠭ᠌ ᠪᠠᠢ᠌ᠨᠠᠮ

ᠣᠢ ᠨᠠᠮᠠᠭᠠᠯᠠᠬᠤ ᠣᠶᠠᠬᠠᠨ ᠡᠷᠡᠨ ᠳᠤ ᠪᠠᠨ

ᠣᠳᠤᠨ ᠬᠠᠷᠪᠣᠬᠤ ᠬᠡᠦᠬᠡᠳ ᠪᠠᠢ᠌ᠨᠠᠮ


ᠪᠦᠦᠪᠠᠢ ᠴᠢᠩᠨᠠᠨ ᠳᠡᠨᠢᠭᠦᠨ ᠪᠣᠢ᠌ᠵᠢᠭ᠎ᠠ

ᠪᠦᠮᠪᠦᠷᠴᠡᠭ᠌ ᠤᠨ ᠭᠤᠸ᠎ᠠ ᠬᠡᠦᠬᠡᠳ ᠪᠠᠢ᠌ᠨᠠᠮ

ᠪᠣᠳᠤᠯ ᠤᠨ ᠵᠤᠯᠢ ᠪᠠᠨ ᠢᠨᠢᠶᠠᠨ ᠰᠡᠷᠭᠦᠭᠡᠭ᠍ᠰᠡᠨ

ᠪᠦᠭᠦᠭᠦ ᠦᠭᠡᠶ ᠵᠤᠯᠠ ᠶᠢᠨ ᠣᠴᠢ ᠪᠠᠢ᠌ᠨᠠᠮ


ᠭᠦᠭ᠍ᠵᠢᠭᠦ ᠵᠥᠭ᠌ ᠤᠨ ᠨᠠᠷᠠ ᠪᠠᠨ ᠡᠷᠭᠦᠭ᠍ᠰᠡᠨ

ᠭᠦᠮᠤᠨ ᠤ ᠴᠠᠴᠠᠨ ᠭᠦᠰᠡᠯ ᠪᠠᠢ᠌ᠨᠡᠮ

ᠭᠦᠷᠭᠦ ᠴᠡᠭ᠌ ᠤᠨ ᠴᠠᠮᠬᠠᠭ ᠶᠢᠡᠨ ᠨᠤᠴᠤᠭᠠᠭᠰᠠᠨ

ᠭᠦᠢ ᠵᠠᠯᠭᠠᠬᠤ ᠬᠤᠷᠸ᠎ᠠ ᠪᠠᠢ᠌ᠨᠠᠮ


ᠶᠠᠭᠠᠨ ᠳᠡᠭ᠍ᠷᠢ ᠲᠡᠶ ᠨᠤᠭᠤᠭᠠᠨ ᠳᠡᠯᠡᠭᠡᠢ ᠳᠤ ᠪᠠᠨ

ᠢᠷᠠᠭᠤ ᠨᠠᠢ᠌ᠷᠠᠭ ᠤᠨ ᠰᠤᠳᠤ ᠪᠠᠢ᠌ᠨᠠᠮ

ᠶᠠᠰᠤ ᠬᠠᠳᠠᠭᠤ ᠢᠰᠡᠭᠡᠢ ᠳᠤᠭᠤᠷᠭᠠᠳᠠᠨ ᠤ

ᠢᠯᠠᠯᠳᠠ ᠶᠢ ᠨᠢ ᠵᠥᠩᠨᠡᠭ᠍ᠰᠡᠨ ᠢᠷᠡᠭᠡᠳᠦᠢ ᠪᠠᠢ᠌ᠨᠠᠮ


           1998   ᠣᠨ


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠶᠠᠠᠬᠤᠰᠢᠭᠤ ᠳᠦᠷᠪᠠᠳᠦᠭᠡᠷ ᠳᠤᠮᠳᠠᠳᠤ ᠰᠤᠷᠭᠭᠤᠯᠢ

ᠵᠤᠬᠢᠶᠠᠭᠴᠢ᠄ ᠰᠠᠷᠠᠭᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2011 ᠤᠨ ᠤ 10 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ