ᠨᠡᠪᠲᠡᠷᠡᠨ ᠤᠷᠤᠬᠤ
ᠳᠡᠭ᠍ᠷᠢ ᠶᠢᠨ ᠭᠡᠯᠡ

ᠳᠡᠭᠡᠳᠦᠰ ᠮᠢᠨᠢ ᠡᠨᠡ ᠭᠡᠯᠡ ᠪᠠᠷ

ᠭᠦᠪᠠᠭᠦᠤᠨ ᠲᠡᠶ ᠪᠠᠨ ᠭᠦᠭᠡᠷᠦᠯᠳᠦᠵᠤ

ᠰᠢᠪᠠᠭᠤᠳ ᠲᠡᠶ ᠪᠠᠨ ᠱᠤᠯᠤᠭᠤᠨᠠᠵᠤ

ᠭᠦᠯᠦᠭ᠌ ᠲᠡᠶ ᠪᠠᠨ ᠭᠦᠦᠷᠰᠡᠵᠤ

ᠰᠢᠯᠦᠭ᠌ ᠲᠡᠶ ᠪᠠᠨ ᠱᠤᠤᠭᠢᠵᠤ ᠢᠷᠡᠭ᠍ᠰᠡᠨ ᠶᠤᠮ

ᠵᠠᠤᠨ ᠳᠠᠳᠠᠵᠤ ᠵᠠᠶᠠᠭ᠎ᠠ ᠪᠣᠳᠤᠵᠤ ᠢᠷᠡᠭ᠍ᠰᠡᠨ ᠶᠤᠮ

ᠠᠤᠨ ᠳᠠᠷᠤᠵᠤ ᠠᠠᠳᠠᠢ ᠪᠠᠶᠠᠯᠠᠵᠤ ᠢᠷᠡᠭ᠍ᠰᠡᠨ ᠶᠤᠮ

ᠳᠤᠪᠴᠢ ᠳᠠᠭᠠᠨ ᠨᠢᠭᠤᠴᠠ ᠳᠤᠭᠰᠢᠭᠤᠯᠵᠤ ᠢᠷᠡᠭ᠍ᠰᠡᠨ ᠶᠤᠮ

ᠳᠤᠯᠤᠭᠠᠢ᠌ᠳ ᠭᠦᠷᠳᠡᠯ᠎ᠡ ᠳᠤᠮᠤᠭ ᠵᠤᠬᠢᠶᠠᠵᠤ ᠢᠷᠡᠭ᠍ᠰᠡᠨ ᠶᠤᠮ

ᠳᠡᠭᠡᠳᠦᠰ ᠮᠢᠨᠢ ᠡᠨᠡ ᠭᠡᠯᠡ ᠪᠠᠷ

ᠪᠣᠶᠠᠨ ᠳᠠᠢ᠌ᠵᠤ ᠭᠠᠯ ᠲᠡᠶ ᠭᠡᠦᠨᠡᠳᠡᠵᠤ

ᠪᠣᠯᠠᠭ ᠳᠠᠭᠢᠵᠤ ᠭᠠᠵᠠᠷ ᠲᠡᠶ ᠭᠦᠭᠡᠷᠦᠯᠳᠦᠵᠤ

ᠡᠭᠡᠰᠢᠭ᠌ ᠳᠤᠯᠤᠭᠠᠨ ᠠᠶ᠎ᠠ ᠪᠠᠷ ᠡᠪ ᠳᠤᠩᠭ᠋ᠠᠷᠠᠢ ᠭᠦᠢᠴᠡᠭᠡᠵᠤ

ᠡᠷᠭᠡᠰ ᠤᠨ ᠨᠢ᠋ᠮᠠᠨ ᠵᠥᠭ᠌ ᠤᠨ ᠡᠰᠡᠷᠸ᠎ᠡ ᠳᠡᠭᠡᠷ᠎ᠡ ᠨᠢ ᠰᠠᠭᠤᠵᠤ

ᠶ‍ᠢᠰᠤᠨ ᠭᠦᠭᠦᠯᠳᠤ ᠬᠠᠷ᠎ᠠ ᠰᠦᠯᠳᠡ ᠶᠢᠨ ᠳᠤᠭᠰᠢᠳ ᠲᠡᠶ ᠶᠠᠷᠢᠯᠴᠠᠵᠤ

ᠠᠷᠪᠠᠨ ᠴᠠᠭᠠᠨ ᠪᠣᠶᠠᠨ ᠢ ᠠᠯᠢ ᠪᠣᠯᠬᠤᠷᠠᠨ ᠳᠡᠯᠭᠡᠷᠡᠭᠦᠯᠵᠤ ᠢᠷᠡᠭ᠍ᠰᠡᠨ ᠶᠤᠮ

ᠠᠪᠣ ᠶᠢᠨ ᠮᠢᠨᠢ ᠡᠨᠡ ᠭᠡᠯᠡ ᠪᠠᠷ

ᠠᠯᠳᠠᠢ ᠬᠠᠩᠭ᠋ᠠᠢ ᠶᠢᠨ ᠮᠠᠭᠳᠠᠭᠠᠯ ᠭᠡᠯᠡᠵᠤ

ᠠᠳᠠᠷᠠᠭ ᠪᠣᠯᠭᠠᠨ ᠳᠤ ᠨᠠᠷ᠎ᠠ ᠬᠠᠢ᠌ᠷᠯᠠᠵᠤ

ᠠᠢ᠌ᠯ ᠤᠨ ᠳᠡᠭᠡᠷ᠎ᠡ ᠰᠠᠭᠤᠵᠤ ᠳᠡᠭᠡᠵᠢ ᠵᠤᠭᠤᠭᠯᠠᠨ

ᠠᠮᠢᠳᠠᠨ ᠤ ᠳᠡᠭᠡᠳᠤ ᠪᠣᠯ ᠭᠡᠵᠤ ᠢᠷᠦᠭᠡᠯ ᠳᠤᠭᠳᠠᠭᠠᠵᠤ ᠢᠷᠡᠭ᠍ᠰᠡᠨ ᠶᠤᠮ

ᠬᠤᠷᠭᠤᠰᠤ ᠳᠠᠳᠠᠵᠤ ᠰᠠᠭᠤᠳᠠᠯ ᠦᠵᠡᠵᠤ ᠢᠷᠡᠭ᠍ᠰᠡᠨ

ᠬᠤᠮ ᠳᠠᠳᠠᠵᠤ ᠨᠡᠭᠦᠳᠡᠯ ᠭᠢᠵᠤ ᠢᠷᠡᠭ᠍ᠰᠡᠨ ᠶᠤᠮ

ᠠᠪᠣ ᠶᠢᠨ ᠮᠢᠨᠢ ᠡᠨᠡ ᠭᠡᠯᠡ ᠪᠠᠷ

ᠳᠡᠮᠡᠭᠡᠨ ᠣᠢ᠌ᠯᠠᠭᠤᠯᠵᠤ ᠪᠣᠳᠤᠭᠤ ᠠᠪᠬᠤᠭᠤᠯᠵᠤ

ᠳᠡᠭ᠍ᠷᠢ ᠣᠶᠠᠰᠬᠠᠵᠤ ᠪᠣᠷᠤᠭ᠎ᠠ ᠣᠷᠤᠭᠤᠯᠵᠤ

ᠮᠤᠷᠢᠨ ᠳᠠᠯ ᠳᠡᠭᠡᠷ᠎ᠡ ᠥᠰᠦᠭ᠌ ᠵᠤᠬᠢᠶᠠᠵᠤ

ᠮᠤᠩᠭ᠋ᠤᠯ ᠭᠡᠳᠡᠭ᠌ ᠨᠠᠷ᠎ᠠ ᠪᠠᠨ ᠰᠥᠵᠢᠭ᠌ ᠶᠢᠡᠷ ᠭᠤᠶᠤᠵᠤ ᠢᠷᠡᠭ᠍ᠰᠡᠨ ᠶᠤᠮ

ᠳᠤᠯᠤᠭᠠᠨ ᠦᠶ᠎ᠡ ᠪᠠᠨ ᠮᠡᠳᠡᠳᠡᠭ᠌ ᠦᠭᠡᠶ ᠭᠦᠮᠤᠨ ᠳ᠋ᠤ

ᠳᠤᠳᠤᠷᠠᠭᠢ ᠥᠭᠡ ᠪᠠᠨ ᠭᠡᠯᠡᠯ ᠦᠭᠡᠶ ᠢᠷᠡᠭ᠍ᠰᠡᠨ ᠶᠤᠮ

ᠨᠢ᠋ᠮᠠᠨ ᠡᠷᠳᠡᠨᠢ ᠳᠠᠭᠢᠯ ᠤᠨ ᠡᠮᠦᠨ᠎ᠡ

ᠨᠠᠭᠠᠳᠤᠭᠢ ᠴᠠᠭᠠᠳᠤᠭᠢ ᠪᠠᠨ ᠨᠢᠭᠤᠯ ᠦᠭᠡᠶ ᠢᠷᠡᠭ᠍ᠰᠡᠨ ᠶᠤᠮ

ᠮᠤᠷᠢᠨ ᠭᠡᠳᠡᠭ᠌ ᠰᠦᠯᠳᠡ ᠳᠠᠢ

ᠮᠥᠩᠭᠡ ᠭᠡᠳᠡᠭ᠌ ᠢᠷᠦᠭᠡᠯ ᠳᠠᠢ

ᠮᠤᠩᠭ᠋ᠤᠯ ᠭᠡᠳᠡᠭ᠌ ᠴᠢᠨᠢ ᠪᠢ ᠶᠤᠮ

ᠭᠦᠯᠦᠭ᠌ ᠭᠦᠷᠦᠰᠢ ᠦᠭᠡᠶ ᠭᠠᠵᠠᠷ ᠪᠢ ᠪᠢᠯᠢᠭ᠌ ᠪᠠᠷ ᠭᠦᠷᠦᠨᠡᠮ

ᠭᠦᠯ ᠭᠦᠷᠦᠰᠢ ᠦᠭᠡᠶ ᠭᠠᠵᠠᠷ ᠪᠢ ᠭᠡᠯᠡ ᠪᠠᠷ ᠭᠦᠷᠦᠨᠡᠮ

ᠪᠣᠰᠤᠳ ᠤᠨ ᠡᠮᠦᠨ᠎ᠡ ᠭᠡᠵᠢᠶᠡᠳᠡ ᠰᠥᠭᠦᠷᠡᠭᠦ ᠦᠭᠡᠶ ᠭᠡᠮᠡᠨ ᠪᠣᠰᠤᠭ᠎ᠠ ᠪᠠᠢ᠌ᠳᠠᠭ

ᠪᠣᠶᠠᠨ ᠤ ᠰᠦᠯᠳᠡ ᠨᠢ ᠮᠥᠩᠭᠡᠳᠡ ᠪᠠᠭᠤᠷᠠᠬᠤ ᠦᠭᠡᠶ ᠭᠡᠮᠡᠨ ᠵᠤᠭᠰᠤᠭ᠎ᠠ ᠪᠠᠢ᠌ᠳᠠᠭ

ᠡᠨᠡ ᠭᠡᠯᠡ ᠊᠊᠊᠊᠊᠊᠊᠊᠊᠊᠊᠊᠊᠊᠊ ᠳᠡᠭ᠍ᠷᠢ ᠶᠢᠨ ᠭᠡᠯᠡ ᠳᠠᠮᠤᠵᠢᠨ ᠤ ᠭᠡᠯᠡ

ᠡᠨᠡ ᠭᠡᠯᠡ ᠊᠊᠊᠊᠊᠊᠊᠊᠊᠊᠊᠊᠊᠊᠊ ᠮᠢᠩᠶᠠᠨ ᠤ ᠭᠡᠯᠡ ᠮᠢᠨᠤ ᠭᠡᠯᠡ

ᠡᠨᠡ ᠭᠡᠯᠡ ᠊᠊᠊᠊᠊᠊᠊᠊᠊᠊᠊᠊᠊᠊᠊ ᠡᠵᠢ ᠶᠢᠨ ᠭᠡᠯᠡ ᠡᠷᠳᠡᠨᠢ ᠭᠡᠯᠡ

ᠡᠨᠡ ᠭᠡᠯᠡ ᠊᠊᠊᠊᠊᠊᠊᠊᠊᠊᠊᠊᠊᠊᠊ ᠮᠥᠩᠭᠡ ᠭᠡᠯᠡ ᠮᠤᠩᠭ᠋ᠤᠯ ᠤᠨ ᠭᠡᠯᠡ᠃

ᠵᠤᠬᠢᠶᠠᠭᠴᠢ᠄ ᠺᠠ᠊·ᠴᠠᠷᠠᠠᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2794
ᠴᠠᠭ᠄ 2009 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ