☆ ᠭᠠᠳᠠᠨ
ᠪᠣᠭᠤᠯᠭ᠎ᠠ ᠵᠢᠦᠡᠭᠦᠭᠦ ᠪᠠᠷ ᠰᠢ᠌ᠳᠦᠭ᠍ᠰᠡᠨ
ᠠᠭᠯᠠᠭ ᠭᠡᠭᠡᠷ᠎ᠡ ᠶᠢᠨ ᠠᠳᠠᠷ ᠪᠦᠳᠦᠭᠦᠯᠢᠭ᠌ ᠡᠷ᠎ᠡ
ᠠᠯᠳᠠᠨ ᠰᠤᠠᠳᠤᠷ ᠣᠯᠵᠤ ᠵᠡᠭᠦᠭᠦ ᠶᠢ ᠳᠤᠷᠠᠯᠠᠬᠤ ᠥᠭᠡᠢ
ᠠᠷᠠᠯ ᠤᠨ ᠱᠠᠷ ᠰᠢᠭ ᠪᠦᠭᠡ ᠭᠦᠵᠦᠭᠦᠤ ᠲᠡᠶ ᠪᠣᠯᠤᠭᠰᠠᠨ ᠳ᠋ᠠᠭᠠᠨ
ᠠᠶᠠᠨ ᠤ ᠪᠣᠭᠤᠯᠭ᠎ᠠ ᠡᠷᠭᠦᠵᠤ ᠶᠠᠪᠣᠬᠤ ᠪᠠᠷ ᠰᠢ᠌ᠳᠦᠭ᠍ᠰᠡᠨ
ᠣᠴᠢᠷ ᠨᠢ ᠨᠠᠳᠠᠳᠤ ᠭᠠᠩᠭ᠋ᠠᠩ ᠭᠡᠭᠡᠡᠴᠢᠷ ᠵᠢᠰᠤ ᠥᠭᠡᠢ
ᠣᠷᠤᠭᠤᠯ ᠳᠠᠭᠠᠨ ᠨᠠᠭᠠᠯᠳᠤᠭᠤᠯᠴᠢᠬᠠᠮᠠᠷ ᠦᠷᠦᠮ᠎ᠡ ᠲᠡᠶ ᠰᠢᠮᠡᠯᠡᠭᠦᠨ ᠥᠭᠡ ᠴᠤ ᠥᠭᠡᠢ
ᠣᠷᠭ᠎ᠠ ᠠᠯᠳᠠᠭᠤᠯᠤᠭᠠᠤᠨ ᠰᠣᠢ᠌ᠯᠠᠭᠠᠤᠨ ᠭᠠᠷᠬᠤ ᠡᠮᠨᠡᠭ᠌ ᠢ
ᠣᠢ᠌ᠷᠠᠳᠬᠤ ᠶᠢᠨ ᠵᠠᠪ ᠲᠤ ᠰᠡᠭᠦᠯᠳᠡᠭᠡᠳ ᠣᠨᠠᠭᠠᠳᠠᠭ ᠵᠠᠩ ᠶᠢᠡᠷ ᠵᠢᠠᠨ
ᠣᠯᠵᠠᠯᠠᠵᠤ ᠵᠢᠩᠰᠡᠳᠡᠭᠦ ᠪᠠᠷ ᠠᠳᠠᠯ ᠶᠢᠡᠨ ᠪᠣᠯᠭᠠᠭᠰᠠᠨ ᠮᠡᠭᠡᠳᠡᠨ ᠳᠠᠢ
ᠣᠰᠤ ᠭᠠᠯ ᠰᠢᠭ ᠬᠠᠷᠰᠢᠭᠠᠤᠨ ᠢᠷᠡᠭ᠍ᠰᠡᠨ ᠳᠡᠦᠭᠡ ᠲᠡᠶ ᠶᠤᠮ
ᠣᠳᠤᠭ᠎ᠠ ᠪᠠᠨ ᠵᠡᠭᠦᠭᠡᠳ ᠰᠡᠩᠭᠡᠯᠵᠡᠵᠤ ᠶᠠᠪᠣᠭ᠎ᠠ ᠠᠮᠢᠳᠠᠤᠨ ᠊ᠤᠨ
ᠣᠯᠵᠠ ᠶᠢᠨ ᠮᠦᠷ ᠶᠢᠡᠷ ᠰᠡᠭ᠍ᠰᠡᠯᠵᠡᠵᠤ ᠭᠦᠶᠦᠭᠦ ᠶᠢ ᠵᠠᠨᠤᠬᠤ ᠳ᠋ᠠᠭᠠᠨ
ᠣᠬᠤᠷᠬᠠᠢ ᠨᠢ ᠣᠯᠠᠢ᠌ᠭᠰᠠᠨ ᠴᠢᠨ᠋ᠸ᠎ᠠ ᠰᠢᠭ ᠨᠢᠳᠤ ᠣᠷᠤᠭᠤ
ᠣᠯᠠᠢ ᠳᠤ ᠪᠠᠭᠤᠬᠤ ᠰᠡᠭ᠌ ᠤᠨ ᠬᠠᠷ᠎ᠠ ᠰᠢᠭ ᠳᠠᠭᠠᠷᠢᠭᠰᠠᠨ ᠡᠴᠡ
ᠬᠠᠳᠠ ᠰᠢᠭ᠌ ᠳᠤᠯᠤᠭᠠᠢ ᠮᠢᠨᠢ ᠡᠷᠭᠡ ᠶᠢᠨ ᠠᠭᠤᠯᠠᠨ ᠳᠤ ᠳᠠᠷᠤᠭᠳᠠᠭᠰᠠᠨ ᠶᠤᠮ
ᠬᠠᠷᠢᠨ ᠳᠡᠭᠡᠯ᠎ᠡ ᠴᠤ ᠡᠷ᠎ᠡ ᠰᠢᠭ᠌ ᠡᠷ᠎ᠡ ᠪᠠᠷ ᠳᠤᠯᠤᠭᠰᠠᠨ ᠶᠤᠮ
ᠳᠡᠩᠭᠡᠯᠢᠭ᠌ ᠭᠦᠵᠦᠭᠦᠤ ᠳᠡᠭᠡᠭᠡᠳ ᠯᠠ ᠪᠣᠯᠤ ᠰᠢᠭ᠌ ᠪᠣᠯᠴᠣᠢ᠌ᠯᠳᠤᠭᠠᠤᠨ
ᠳᠡᠷᠭᠡ ᠴᠢᠷᠭᠦ ᠪᠠᠷ ᠪᠣᠬ᠎ᠠ ᠰᠢᠭ᠌ ᠪᠣᠷᠤᠭ ᠶᠢᠡᠷ ᠪᠠᠮᠪᠠᠢ᠌ᠭᠰᠠᠨ ᠶᠤᠮ
ᠠᠷᠠᠯ ᠤᠨ ᠱᠠᠷ ᠰᠢᠭ ᠰᠦᠷ ᠰᠡᠭᠡᠷ ᠲᠡᠶ ᠪᠣᠯᠤᠭᠰᠠᠨ ᠳ᠋ᠠᠭᠠᠨ
ᠠᠶᠠᠨ ᠤ ᠪᠣᠭᠤᠯᠭ᠎ᠠ ᠡᠷᠭᠦᠭᠡᠳ ᠣᠳᠤ ᠰᠡᠩᠭᠡᠯᠵᠡᠭᠦᠯᠵᠤ ᠪᠠᠢ᠌ᠨ᠎ᠠ
ᠠᠭᠯᠠᠭ ᠭᠡᠭᠡᠷ᠎ᠡ ᠶᠢᠨ ᠠᠳᠠᠷ ᠪᠦᠳᠦᠭᠦᠯᠢᠭ᠌ ᠡᠷ᠎ᠡ ᠳ᠋ᠤ
ᠠᠯᠳᠠᠨ ᠰᠤᠠᠳᠤᠷ ᠨᠢ ᠪᠣᠭᠤᠯᠭ᠎ᠠ ᠶᠢ ᠭᠡᠷᠭᠢᠨ ᠭᠦᠷᠭᠦ ᠠᠵᠠᠢ
ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2791
ᠴᠠᠭ᠄ 2009 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ