☆ ᠭᠤᠨᠢᠨᠤᠳ·ᠨᠠ᠊·ᠰᠥᠭᠡᠪᠠᠭᠠᠲᠤᠷ
ᠴᠢᠮ᠎ᠠ ᠲᠡᠶ ᠪᠠᠨ ᠪᠠᠢ᠌ᠬᠤ ᠳ᠋ᠤ
ᠰᠠᠷ᠎ᠠ ᠨᠠᠷᠠ ᠣᠷᠴᠢᠬᠤ ᠶᠢᠨ ᠵᠠᠢ ᠳ᠋ᠤ
ᠰᠥ᠋ ᠰᠢᠭ᠌ ᠰᠡᠳᠭᠢᠯ ᠶᠢᠡᠨ ᠳᠠᠯ᠎ᠠ ᠶᠢᠡᠷ ᠠᠮᠠᠷᠭᠠᠵᠤ
ᠨᠠᠳᠠ ᠳᠤ ᠴᠢ ᠢᠷᠡᠳᠡᠭ᠌
ᠬᠤᠠᠳᠠᠨ ᠳᠡᠷᠯᠢᠭ᠌ ᠤᠨ ᠴᠢᠨᠢ ᠬᠤᠷᠮᠤᠢ ᠳᠤ
ᠭᠡᠦᠭᠡᠨ ᠰᠠᠯᠭᠢ ᠪᠦᠪᠠᠢ᠌ᠯᠡᠭ᠍ᠳᠡᠵᠤ
ᠴᠡᠴᠡᠭ᠌ ᠥᠡᠳᠡᠯᠵᠡᠳᠡᠭ᠌
ᠬᠤᠠᠳᠠᠭ᠎ᠠ ᠵᠡᠭᠦᠭ᠍ᠳᠡᠭᠦ ᠴᠢᠷᠠᠢ ᠳᠤ ᠴᠢᠨᠢ
ᠡᠭᠦᠯᠡᠨ ᠰᠡᠭᠦᠳᠡᠷ ᠵᠠᠳᠠᠷᠠᠵᠤ
ᠨᠠᠷᠠ ᠠᠰᠬᠠᠷᠠᠳᠠᠭ
ᠴᠢᠮ᠎ᠠ ᠲᠡᠶ ᠪᠠᠨ ᠪᠠᠢ᠌ᠬᠤ ᠳᠤ ᠪᠢ
ᠵᠢᠷᠭᠠᠯ ᠶᠢᠡᠷ ᠳᠤᠳᠠᠵᠤ ᠥᠵᠡᠭᠡ ᠦᠭᠡᠶ᠃
ᠪᠠᠶᠠᠷ ᠭᠦᠷ ᠬᠤᠤᠰᠯᠠᠬᠤ ᠶᠢᠨ ᠴᠠᠭ ᠳᠤ
ᠪᠠᠯ ᠰᠢᠭ ᠢᠨᠢᠶᠠᠳᠤ ᠪᠠᠨ ᠣᠳᠤᠳ ᠶᠢᠡᠷ ᠠᠷᠭᠠᠳᠠᠭᠤᠯᠵᠤ
ᠨᠠᠳᠠ ᠳᠤ ᠴᠢ ᠢᠷᠡᠳᠡᠭ᠌
ᠳᠡᠭ᠍ᠷᠢ ᠶᠢᠨ ᠴᠡᠴᠡᠭ᠌ ᠊᠊᠊᠊᠊᠊᠊᠊᠊᠊᠊᠊᠊᠊᠊ ᠦᠷ ᠤᠨ ᠴᠤᠯᠮᠤᠨ
ᠴᠢᠮ᠎ᠠ ᠶᠢ ᠬᠠᠷᠠᠬᠤ ᠭᠡᠵᠤ
ᠴᠤᠩᠬᠤᠨ ᠴᠠᠭᠠᠨ᠎ᠠ ᠶᠠᠭᠠᠷᠠᠨ ᠵᠤᠰᠠᠳᠠᠭ ᠲᠤ ᠨᠢ
ᠪᠢ ᠬᠠᠷᠠᠮᠯᠠᠳᠠᠭ
ᠭᠠᠵᠠᠷ ᠤᠨ ᠣᠳᠤᠨ ᠊᠊᠊᠊᠊᠊᠊᠊᠊᠊᠊᠊᠊᠊᠊ ᠰᠡᠳᠭᠢᠯ ᠤᠨ ᠴᠢᠮ᠎ᠠ ᠲᠡᠶ ᠪᠠᠨ
ᠬᠤᠷᠳᠤᠬᠠᠨ ᠪᠣᠯᠵᠤᠬᠤ ᠭᠡᠵᠤ
ᠬᠤᠩᠬᠤᠨ ᠳᠠᠭᠤᠨ ᠶᠢᠡᠷ ᠭᠦᠯᠢᠶᠡᠨ
ᠵᠤᠭᠰᠤᠳᠠᠭ ᠲᠤ ᠪᠠᠨ
ᠪᠢ ᠬᠠᠢ᠌ᠷᠠᠯᠠᠳᠠᠭ
ᠴᠢᠮ᠎ᠠ ᠲᠡᠶ ᠪᠠᠨ ᠪᠠᠢ᠌ᠬᠤ ᠳᠤ ᠪᠢ
ᠵᠢᠷᠭᠠᠯ ᠶᠢᠡᠷ ᠳᠤᠳᠠᠵᠤ ᠥᠵᠡᠭᠡ ᠦᠭᠡᠶ᠃
ᠵᠤᠬᠢᠶᠠᠭᠴᠢ ᠶᠢᠨ ᠬᠠᠶᠢᠭ ᠄ ᠯᠢᠶᠤᠤᠨᠢᠩ ᠶᠡᠭᠡ ᠰᠤᠷᠭᠠᠭᠤᠯᠢ
ᠵᠤᠬᠢᠶᠠᠭᠴᠢ᠄ ᠭᠤᠨᠢᠨᠤᠳ·ᠨᠠ᠊·ᠰᠥᠭᠡᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3303
ᠴᠠᠭ᠄ 2010 ᠤᠨ ᠤ 03 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ