☆ ᠭᠦᠷᠵᠡᠪ
ᠪᠦᠰᠡᠭᠦᠢ ᠭᠦᠮᠤᠨ
ᠪᠠᠶᠠᠰᠪᠠᠯ
ᠪᠢᠯᠬᠠᠨ ᠴᠠᠯᠭᠢᠯᠠᠨ ᠴᠠᠭᠢᠯᠵᠠᠳᠠᠭ
ᠪᠠᠶᠠᠨ ᠴᠠᠭᠠᠨ ᠰᠢᠯᠢ
ᠪᠠᠴᠢᠮᠳᠠᠪᠠᠯ
ᠪᠠᠷᠢᠨ ᠳᠤᠤᠷ᠎ᠠ ᠪᠠᠨ ᠰᠠᠯᠭᠢᠯᠠᠳᠠᠭ
ᠪᠠᠷᠠᠭᠠᠨ ᠭᠦᠭᠡ ᠳᠡᠭ᠍ᠷᠢ
ᠣᠶᠠᠰᠪᠠᠯ
ᠣᠬᠠᠭᠠᠨ ᠴᠠᠢ᠌ᠯᠠᠭᠠᠨ ᠨᠠᠮᠢᠷᠠᠳᠠᠭ
ᠣᠶᠠᠩᠭ᠋ᠠᠳᠤ ᠵᠥᠭᠡᠯᠡᠨ ᠪᠣᠷᠤᠭᠠᠨ
ᠠᠭᠤᠷᠯᠠᠪᠠᠯ
ᠣᠯᠠ ᠶᠢᠨ ᠳᠤᠤᠷ᠎ᠠ ᠡᠴᠡ ᠥᠰᠦᠷᠭᠢᠯᠡᠳᠡᠭ᠌
ᠠᠭᠤᠯᠠ ᠶᠢᠨ ᠭᠦᠷᠡᠩ ᠴᠢᠯᠠᠭᠤ
ᠢᠨᠢᠶᠠᠪᠠᠯ
ᠢᠳᠡᠭᠡᠯ ᠭᠦᠰᠡᠯ ᠢ ᠴᠢᠪᠬᠠᠳᠠᠳᠠᠭ
ᠢᠪᠢᠯᠦᠭᠦᠨ ᠊᠊᠊᠊᠊᠊᠊᠊᠊᠊᠊᠊᠊᠊᠊ ᠳᠡᠷᠭᠡᠯ ᠦᠷ
ᠢᠴᠢᠪᠠᠯ
ᠢᠷᠮᠡᠭ᠌ ᠶᠢᠡᠨ ᠳᠠᠷᠠᠯᠠᠨ ᠡᠮᠳᠡᠷᠡᠳᠡᠭ᠌
ᠡᠮᠵᠡᠭ᠌ ᠴᠠᠭᠠᠨ ᠰᠠᠷ᠎ᠠ
1994.04.10 ᠳ᠋ᠤ ᠪᠢᠴᠢᠭ᠍ᠰᠡᠨ ᠨᠡᠢ᠌ᠳᠡᠯᠡᠭᠦᠯᠦᠭᠡᠳᠦᠢ ᠰᠢᠯᠦᠭ᠌᠃
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 03 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ