ᠨᠡᠪᠲᠡᠷᠡᠨ ᠤᠷᠤᠬᠤ
ᠭᠢᠷᠠᠭᠤ ᠪᠠᠭᠤᠵᠠᠢ
᠊᠊᠊᠊᠊᠊᠊᠊᠊᠊᠊᠊᠊᠊᠊ ᠭᠠᠳᠠᠨ᠎ᠠ ᠬᠤᠶᠠᠷ

ᠨᠢᠭᠡᠯᠭᠡᠨ ᠬᠤᠨᠤᠭ ᠲᠤ ᠰᠢᠷ᠎ᠠ ᠥᠩᠭᠡ ᠨᠡᠮᠡᠭ᠍ᠳᠡᠵᠤ

ᠨᠠᠮᠤᠷ ᠤᠨ ᠰᠢᠭᠤᠢ ᠳᠤ ᠨᠢᠰᠭᠦ ᠨᠠᠪᠴᠢᠰ ᠪᠣᠳᠠᠷᠠᠪᠠ ᠡ

ᠰᠠᠯᠭᠢᠨ ᠤ ᠡᠭᠡᠰᠢᠭ᠌ ᠲᠤ ᠤᠢ᠌ᠳᠬᠠᠷ ᠭᠤᠨᠢᠭ ᠬᠠᠩᠭᠢᠨᠠᠵᠤ

ᠰᠠᠨᠠᠭᠠᠨ ᠤ ᠮᠢᠨᠢ ᠭᠦᠨ ᠳᠤ ᠬᠠᠷ᠎ᠠ ᠭᠢᠷᠠᠭᠤ ᠪᠠᠭᠤᠵᠠᠢ ᠡ

ᠴᠡᠴᠡᠭᠡᠰ ᠤᠨ ᠠᠮᠢᠰᠬᠤᠭ᠎ᠠ ᠵᠡᠭᠦᠳᠤᠨ ᠳᠤᠮᠳᠠ ᠪᠠᠨ ᠴᠠᠷᠴᠠᠵᠤ

ᠴᠡᠩᠭᠡᠯ ᠤᠨ ᠳᠠᠭᠤᠨ ᠰᠢᠪᠠᠭᠤᠳ ᠤᠨ ᠳᠡᠭ᠍ᠷᠢ ᠡᠴᠠ ᠳᠠᠰᠤᠷᠠᠵᠤ

ᠡᠷᠭᠢᠴᠡᠭᠦᠯᠭᠦ ᠳᠤ ᠭᠠᠰᠢᠭᠤᠨ ᠭᠡᠳᠡᠭ᠌ ᠨᠢ ᠠᠷᠭ᠎ᠠ ᠦᠭᠡᠶ

ᠡᠨᠡ ᠯᠠ ᠨᠠᠮᠤᠷ ᠤᠨ ᠭᠢᠷᠠᠭᠤ ᠡᠷᠳᠡᠯᠡᠵᠤ ᠡ᠊ᠨᠳᠡ ᠪᠠᠭᠤᠵᠠᠢ ᠡ

ᠡᠷᠭᠡᠯᠡᠵᠤ ᠰᠠᠨᠠᠭᠰᠠᠨ ᠡᠳᠦᠷ ᠬᠤᠨᠤᠭ ᠦᠵᠠᠳᠠᠯ᠎ᠠ ᠬᠤᠯᠠᠳᠤᠨ ᠬᠤᠯᠠᠳᠴᠤ

ᠡᠨᠡᠯᠵᠤ ᠪᠢᠴᠢᠭ᠍ᠰᠡᠨ ᠵᠠᠭᠢᠳᠠᠯ ᠤᠨ ᠮᠦᠷ ᠨᠢᠯᠪᠣᠰᠤᠨ᠎ᠠ ᠴᠤᠬᠤᠷᠳᠠᠨ ᠪᠠᠯᠠᠷᠳᠤᠵᠤ

ᠡᠨᠡ ᠯᠠ ᠨᠠᠮᠤᠷ ᠤᠨ ᠭᠢᠷᠠᠭᠤ ᠰᠢᠭ᠌ ᠬᠠᠳᠠᠭᠤ ᠭᠡᠴᠡᠭᠦᠤ ᠭᠢᠷᠠᠭᠤ

ᠥᠭᠡᠷ᠎ᠡ ᠬᠠᠮᠢᠭ᠎ᠠ ᠴᠤ ᠪᠠᠭᠤᠭ᠎ᠠ ᠦᠭᠡᠶ ᠦᠪᠡᠷ ᠳᠡᠭᠡᠷ᠎ᠡ ᠮᠢᠨᠢ ᠯᠠ ᠪᠠᠭᠤᠵᠠᠢ ᠡ

ᠭᠢᠷᠠᠭᠤ ᠪᠠᠭᠤᠵᠠᠢ ᠡ

ᠬᠠᠢ᠌ᠷ᠎ᠠ ᠶᠢ ᠣᠷᠤᠭᠤᠯ ᠶᠢᠡᠷ ᠶᠢᠡᠨ ᠪᠢᠰᠢ

ᠳᠠᠯᠪᠢ ᠪᠠᠷ ᠶᠢᠡᠨ ᠵᠠᠳᠠᠯᠳᠠᠭ

ᠬᠠᠷᠢᠨ ᠪᠢ ᠴᠢᠨᠢ ᠦᠪᠡᠷ ᠶᠢᠡᠨ ᠨᠢᠭᠡᠯᠭᠡᠨ ᠪᠣᠳᠠ ᠴᠡᠴᠡᠭ᠌ ᠡ


        ᠥᠭᠦᠯ ᠤᠨ ᠥᠩᠭᠡ


ᠣᠷᠭᠤᠬᠤ ᠳᠠᠭᠠᠨ ᠡᠪᠠᠰᠤ ᠮᠤᠳᠤᠳ ᠨᠤᠭᠤᠭᠠᠨ ᠪᠠᠢ᠌ᠭᠰᠠᠨ ᠪᠣᠯᠬᠤᠷ

ᠣᠨᠠᠭᠰᠠᠨ ᠬᠣᠢ᠌ᠨ᠎ᠠ ᠪᠠᠨ ᠴᠤ ᠥᠭᠡᠷ᠎ᠡ ᠪᠣᠯᠬᠤ ᠦᠭᠡᠶ ᠨᠢ ᠣᠴᠢᠷᠳᠠᠢ ᠡ

ᠳᠡᠯᠭᠡᠷᠡᠭᠦ ᠳᠡᠭᠡᠨ ᠴᠡᠴᠡᠭᠡᠰ ᠳᠡᠯᠡᠭᠡᠢ ᠪᠠᠨ ᠴᠢᠮᠡᠭ᠍ᠰᠡᠨ ᠪᠣᠯᠬᠤᠷ

ᠳᠠᠩᠳᠠ ᠳᠠᠷᠠ ᠵᠢᠰᠤ ᠨᠢ ᠵᠤᠯᠭᠠᠷᠠᠭᠰᠠᠨ ᠴᠤ ᠵᠡᠭᠦᠳᠤ ᠨᠢ ᠵᠤᠯᠭᠠᠷᠠᠬᠤ ᠦᠭᠡᠶ ᠡ

ᠠᠮᠢᠳᠤ ᠳᠠᠭᠠᠨ ᠭᠦᠮᠤᠨ ᠵᠣᠢ᠌ᠯ ᠤᠨ ᠮᠦᠷᠦᠭᠡᠳᠦᠯ ᠶᠢᠡᠷ ᠠᠶᠠᠰᠴᠤ

ᠠᠮᠢ ᠨᠠᠰᠤ ᠠᠵᠠ ᠪᠣᠶᠠᠨ ᠶᠢᠡᠷ ᠡᠷᠭᠡ ᠴᠢᠯᠦᠭᠡ ᠶᠢ ᠭᠤᠶᠤᠯᠠᠳᠠᠭ ᠡᠴᠠ

ᠠᠯᠳᠠᠨ ᠳᠡᠯᠡᠭᠡᠢ ᠡᠴᠠ ᠠᠩᠭᠢᠵᠢᠷᠠᠬᠤ ᠭᠡᠵᠢᠶ᠎ᠡ ᠨᠢᠭᠡᠨ ᠴᠠᠭᠳᠠ

ᠠᠶ᠎ᠠ᠂ ᠲᠦᠮᠡᠨ ᠭᠦᠮᠤᠨ ᠤ ᠥᠭᠦᠯ ᠮᠦᠨ ᠭᠦᠰᠡᠯ ᠤᠨ ᠶᠢᠡᠨ ᠥᠩᠭᠡ ᠲᠡᠶ ᠡ

  

  

        ᠡ᠊ᠨᠳᠡᠭᠦᠷᠡᠶ᠎ᠡ

  

ᠨᠠᠮᠤᠷ ᠤᠨ ᠰᠠᠯᠭᠢᠨ ᠤ ᠠᠶᠠᠰ ᠢ

ᠴᠡᠴᠡᠭᠡᠰ ᠤᠨ ᠠᠮᠢᠰᠬᠤᠭ᠎ᠠ ᠪᠠᠷ ᠡ᠊ᠨᠳᠡᠭᠦᠷᠡᠶ᠎ᠡ

ᠨᠠᠮᠢᠯᠵᠠᠬᠤ ᠨᠠᠪᠴᠢᠰ ᠤᠨ ᠭᠦᠪᠦᠯᠵᠡᠭᠡᠨ ᠢ

ᠨᠠᠢ᠌ᠷ ᠤᠨ ᠪᠦᠵᠢᠭ᠌ ᠶᠢᠡᠷ ᠡ᠊ᠨᠳᠡᠭᠦᠷᠡᠶ᠎ᠡ

  

《ᠰᠠᠯᠤᠯᠴᠠᠶ᠎ᠠ》 ᠭᠡᠰᠡᠨ ᠥᠭᠡ ᠶᠢ ᠴᠢᠨᠢ

《ᠰᠠᠨᠠᠯᠴᠠᠶ᠎ᠠ》 ᠭᠡᠵᠤ ᠡ᠊ᠨᠳᠡᠭᠦᠷᠡᠶ᠎ᠡ

《ᠬᠠᠭᠢᠷ ᠬᠠᠳᠠᠭᠤ》 ᠬᠠᠢ᠌ᠷ᠎ᠠ ᠶᠢ ᠴᠢᠨᠢ

《ᠬᠠᠷ᠎ᠠ ᠰᠡᠳᠭᠢᠯ》 ᠶ᠋ᠢᠡᠷ ᠡ᠊ᠨᠳᠡᠭᠦᠷᠡᠭᠦ ᠦᠭᠡᠶ ᠡ

  

   2012.9.23  

  


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠤᠳᠬ᠎ᠠ ᠵᠤᠬᠢᠶᠠᠯ ᠰᠤᠳᠤᠯᠬᠤ ᠭᠠᠵᠠᠷ

ᠵᠤᠬᠢᠶᠠᠭᠴᠢ᠄ ᠨᠠ᠊·ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2636
ᠴᠠᠭ᠄ 2012 ᠤᠨ ᠤ 09 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ