☆ ᠶᠢᠨ ᠯᠦᠩ
ᠱᠠᠩᠳᠤ ᠳᠤ ᠨᠢᠭᠡ ᠭᠦᠷᠭᠦ ᠶᠤᠮ ᠰᠠᠨ
ᠰᠢᠯᠦᠭ᠌ ᠨᠠᠢ᠌ᠷᠠᠭ ᠤᠨ ᠪᠢᠯᠢᠭ᠌ ᠤᠨ ᠭᠡᠭᠡᠪᠴᠢ ᠪᠠᠷ ᠬᠠᠷᠠᠳᠠᠭ ᠪᠠᠢ᠌ᠭᠰᠠᠨ
ᠰᠥᠰᠦᠭ᠌ ᠪᠢᠰᠢᠷᠠᠯ ᠤᠨ ᠦᠨᠡᠨ ᠤ ᠮᠦᠷᠦᠭᠡᠳᠦᠯ ᠶᠢᠡᠷ ᠯᠤᠭᠰᠢᠳᠠᠭ ᠪᠠᠢ᠌ᠭᠰᠠᠨ
ᠬᠠᠨ ᠳᠡᠯᠡᠭᠡᠢ ᠶᠢᠨ ᠳᠤᠷᠭᠠᠨ ᠦᠷᠤᠴᠠᠨ ᠳ᠋ᠠᠭᠢ
ᠣᠶᠠᠩᠭ᠋᠎ᠠ ᠶᠢᠨ ᠴᠠᠭᠠᠨ ᠨᠤᠲ᠋
ᠬᠠᠭᠠᠨ ᠳᠡᠦᠭᠡ ᠶᠢᠨ ᠭᠡᠭᠡᠨ ᠰᠤᠳᠤᠷ ᠳ᠋ᠠᠭᠢ
ᠣᠶᠠᠷᠠᠭᠤᠨ ᠭᠦᠭᠡ ᠱᠠᠤᠨ
ᠱᠠᠩᠳᠤ ᠳᠤ ᠨᠢᠭᠡ ᠭᠦᠷᠭᠦ ᠶᠤᠮ ᠰᠠᠨ
ᠱᠠᠰᠳᠢᠷ ᠳᠡᠦᠭᠡᠨ ᠡᠴᠡ ᠨᠢ ᠣᠩᠰᠢᠬᠤ ᠶᠤᠮ ᠰᠠᠨ
ᠭᠦᠳᠡᠭᠡ ᠶᠢᠨ ᠪᠣᠷᠤᠬᠠᠨ ᠱᠤᠩ ᠳᠡᠭᠡᠷ᠎ᠡ ᠡᠴᠡ
ᠭᠦᠪᠴᠢᠷᠡᠵᠤ ᠱᠤᠤᠭᠢᠭᠰᠠᠨ ᠰᠤᠮᠤ
ᠭᠦᠨᠦᠭ᠌ ᠲᠡᠶ ᠰᠦ᠋ ᠶᠢᠨ ᠴᠡᠯᠭᠢᠶᠡᠨ ᠲ᠋ᠡᠭᠡᠷ᠎ᠡ ᠡᠴᠡ
ᠭᠦᠭ᠍ᠵᠢᠵᠤ ᠪᠠᠳᠠᠷᠠᠭᠰᠠᠨ ᠲᠦᠯᠤ
ᠪᠣᠮᠠᠨ ᠪᠣᠮᠠᠨ ᠭᠦᠭᠡ ᠳᠤᠯᠪᠣᠳᠠᠤᠨ ᠤᠨ
ᠪᠣᠳᠤᠯ ᠤᠨ ᠦᠨᠳᠦᠷ ᠳᠡᠭ᠍ᠷᠢ
ᠱᠠᠩᠳᠤ ᠳᠤ ᠨᠢᠭᠡ ᠭᠦᠷᠭᠦ ᠶᠤᠮ ᠰᠠᠨ
ᠱᠠᠰᠳᠢᠷ ᠳᠡᠦᠭᠡᠨ ᠳᠤ ᠨᠢ ᠰᠥᠭᠦᠷᠡᠭᠦ ᠶᠤᠮ ᠰᠠᠨ
ᠵᠢᠯᠤᠭᠤ ᠴᠤᠯᠪᠣᠭᠤᠷ ᠬᠤᠶᠠᠷ ᠲᠤ
ᠳᠡᠯᠡᠭᠡᠢ ᠪᠠᠭᠳᠡᠭᠠᠭᠰᠠᠨ ᠳᠤᠮᠤᠭ
ᠵᠤᠪᠠᠯ ᠵᠢᠷᠭᠠᠯ ᠬᠤᠶᠠᠷ ᠶᠢᠡᠷ
ᠳᠠᠶᠠᠩ ᠳᠤ ᠥᠯᠡᠳᠡᠭ᠍ᠰᠡᠨ ᠭᠤᠨᠢᠭ
ᠵᠡᠭᠦᠳᠤᠨ ᠳᠠᠯ᠎ᠠ ᠳᠤ ᠰᠢᠷ᠎ᠠ ᠳᠠᠯ᠎ᠠ ᠨᠢ ᠴᠤᠬᠤᠷᠯᠠᠵᠤ ᠢᠷᠠᠨ᠎ᠠ
ᠵᠢᠷᠦᠭᠡᠨ ᠳᠠᠯ᠎ᠠ ᠳᠤ ᠭᠦᠮᠤᠨ ᠴᠢᠯᠠᠭᠤ ᠨᠢ ᠨᠢᠯᠪᠣᠰᠤᠷᠠᠵᠤ ᠢᠷᠠᠨ᠎ᠠ
ᠱᠠᠩᠳᠤ ᠳᠤ ᠨᠢᠭᠡ ᠭᠦᠷᠭᠦ ᠶᠤᠮ ᠰᠠᠨ
ᠰᠢᠷᠬ᠎ᠠ ᠲᠡᠶ ᠭᠦᠭᠡ ᠴᠢᠯᠠᠭᠤᠳ ᠢ ᠨᠢ ᠳᠤᠮᠨᠠᠬᠤ ᠶᠤᠮ ᠰᠠᠨ ᠁᠁
ᠵᠤᠬᠢᠶᠠᠭᠴᠢ ᠶᠢᠨ ᠬᠠᠶᠢᠭ ᠄ ᠵᠠᠷᠤᠳ ᠬᠤᠰᠢᠭᠤ ᠭᠠᠬᠠᠢ᠌ᠳᠤ ᠰᠤᠷᠭᠠᠭᠤᠯᠢ
ᠵᠤᠬᠢᠶᠠᠭᠴᠢ᠄ ᠶᠢᠨ ᠯᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 11106
ᠴᠠᠭ᠄ 2010 ᠤᠨ ᠤ 10 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ