ᠨᠡᠪᠲᠡᠷᠡᠨ ᠤᠷᠤᠬᠤ
ᠴᠢ ᠠᠢ᠌ᠰᠤᠢ

ᠦᠨᠢᠷ ᠡᠷᠳᠡᠨ ᠤ ᠴᠤᠤᠷᠢᠶ᠎ᠠ

ᠵᠡᠭᠦᠳᠤ ᠳᠠᠮᠵᠢᠨ ᠨᠠᠭᠠᠰᠢᠯᠠᠬᠤ ᠮᠠᠳᠤ

ᠥᠵᠡᠭᠡᠳᠦᠢ ᠭᠠᠢ᠌ᠬᠠᠮᠰᠢᠭᠳᠤ ᠣᠷᠤᠨ

ᠵᠦᠩ ᠶᠢᠡᠷ ᠮᠢᠨᠢ ᠢᠯᠡᠷᠡᠭᠦ ᠮᠠᠳᠤ

ᠢᠷᠡᠭᠦ ᠮᠠᠷᠭᠠᠰᠢ ᠶᠢᠨ ᠭᠦᠰᠡᠯ ᠢ

ᠪᠣᠳᠤᠯ ᠮᠢᠨᠢ ᠵᠢᠷᠤᠬᠤ ᠮᠠᠳᠤ

ᠥᠯᠢᠭᠡᠷ ᠤᠨ ᠪᠠᠭᠠᠳᠤᠷ

ᠨᠠᠮᠠᠭᠢ ᠳᠠᠭᠠᠭᠤᠯᠤᠨ ᠮᠤᠷᠳᠠᠬᠤ ᠮᠠᠳᠤ

ᠦᠷᠯᠦᠭ᠌ ᠵᠤᠷᠢᠭ ᠰᠠᠨᠠᠭ᠎ᠠ

ᠰᠢᠯᠢ ᠶᠢᠨ ᠰᠠᠢ᠌ᠨ ᠡᠷ᠎ᠡ ᠮᠠᠳᠤ

ᠦᠷᠭᠡᠨ ᠭᠤᠪᠢ ᠶᠢᠨ ᠰᠠᠯᠭᠢ

ᠴᠡᠭᠡᠵᠢ ᠳᠤᠭᠤᠯᠤᠨ ᠥᠩᠭᠡᠷᠡᠭᠦ ᠮᠠᠳᠤ

ᠥᠵᠡᠰᠭᠦᠯᠡᠩ ᠦᠬᠢᠨ ᠵᠡᠭᠦᠳᠤᠨ ᠳᠠᠭᠢᠨᠢ

ᠰᠠᠯᠭᠢ ᠵᠠᠩᠭᠢᠷᠠᠭᠤᠯᠤᠨ

ᠴᠡᠴᠡᠭ᠌ ᠳᠡᠯᠪᠠᠭᠡᠯᠡᠭᠦᠯᠵᠤ

ᠭᠠᠠᠳᠢᠷᠰᠤᠨ ᠣᠷᠤᠨ ᠡᠴᠡ ᠴᠢ ᠠᠢ᠌ᠰᠤᠢ


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ

ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 2644
ᠴᠠᠭ᠄ 2010 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ