ᠨᠡᠪᠲᠡᠷᠡᠨ ᠤᠷᠤᠬᠤ
ᠠᠪᠣ ᠮᠢᠨᠢ ᠳᠠᠷᠢᠶ᠎ᠠ ᠪᠠᠨ ᠪᠠᠢ᠌ᠴᠠᠭᠠᠯ᠎ᠠ

- ᠬᠠᠢ᠌ᠷᠠᠳᠤ ᠡᠴᠢᠭᠡ ᠱᠠᠮᠪᠠᠵᠠᠪ ᠤᠨ ᠠᠷᠢᠭᠤᠨ ᠳᠤᠷᠠᠤᠠᠬᠠᠯ ᠳ᠋ᠤ


ᠠᠯᠳᠠᠨ ᠨᠠᠮᠤᠷ ᠤᠨ ᠰᠠᠯᠭᠢ ᠦᠶ᠎ᠡ ᠦᠶ᠎ᠡ ᠢᠯᠪᠢᠨ ᠢᠷᠠᠨ᠎ᠠ

ᠠᠮᠤ ᠳᠠᠷᠢᠶ᠎ᠠ ᠪᠣᠯᠪᠠᠰᠤᠷᠠᠵᠤ ᠡᠭᠢᠯᠡᠵᠡᠢ ᠳ᠋ᠡ ᠭᠡᠵᠤ

ᠠᠪᠣ ᠮᠢᠨᠢ

ᠠᠯᠢ ᠡᠷᠳᠡᠨ ᠡᠴᠡ ᠪᠠᠯᠡᠭᠡᠨ ᠪᠠᠢ᠌ᠭ᠎ᠠ ᠬᠠᠳᠤᠭᠤᠷ ᠶᠢᠡᠨ ᠠᠪᠴᠤ

ᠠᠷᠤ ᠳᠠᠷᠢᠶ᠎ᠠ ᠪᠠᠨ ᠪᠠᠢ᠌ᠴᠠᠭᠠᠬᠤ ᠪᠠᠷ ᠶᠠᠪᠣᠯ᠎ᠠ

ᠬᠤᠩᠭ᠋ᠤᠷ ᠨᠠᠮᠤᠷ ᠤᠨ ᠰᠠᠯᠭᠢᠨ ᠳᠤ

ᠬᠤᠷᠴᠠ ᠬᠠᠳᠤᠭᠤᠷ ᠰᠠᠨᠠᠨ ᠭᠤᠬᠤᠯᠵᠠᠬᠤ ᠦᠷ᠎ᠡ ᠳᠠᠷᠢᠶ᠎ᠠ ᠪᠠᠨ

ᠠᠪᠣ ᠮᠢᠨᠢ ᠨᠠᠷᠢᠪᠴᠢᠯᠠᠨ ᠠᠵᠢᠨ᠎ᠠ

ᠵᠤᠷᠪᠣᠰᠯᠠᠨ ᠥᠷᠭᠦᠯᠵᠢᠯᠡᠭᠦ ᠳᠠᠷᠢᠶᠠᠨ ᠳᠠᠭᠠᠨ

ᠬᠤᠷᠢᠶᠠᠯᠳᠠ ᠡᠯᠪᠠᠭ᠌ ᠵᠢᠯ ᠪᠣᠯᠬᠤ ᠨᠢ ᠳ᠋ᠠ︕ᠭᠡᠵᠤ

ᠰᠠᠤᠠᠭᠢᠯ ᠳᠡᠭᠡᠨ ᠪᠠᠶᠠᠰᠤᠯ ᠢᠮᠨᠠᠵᠤ ᠶᠠᠪᠣᠨ᠎ᠠ

ᠠᠪᠣ ᠮᠢᠨᠢ

ᠵᠠᠭᠤᠨ ᠲᠦᠮᠡᠨ ᠪᠠᠭᠠᠳᠤᠷ ᠴᠡᠷᠢᠭ᠌ ᠶᠢᠡᠨ ᠵᠢᠠᠠᠰᠠᠠᠭᠠᠬᠤ ᠵᠠᠩᠵᠤᠨ ᠰᠢᠭ

ᠵᠢᠪᠬᠤᠭᠠᠯᠢᠭ ᠵᠤᠭᠰᠤᠨ᠎ᠠ

ᠵᠡᠭᠦᠡᠰᠢ ᠪᠠᠷᠠᠭᠤᠠᠰᠢ ᠳᠠᠷᠢᠶᠠᠨ ᠵᠤᠷᠬ᠎ᠠ ᠪᠠᠨ ᠠᠯᠳᠠᠯ ᠦᠭᠡᠶ ᠠᠵᠢᠵᠤ

ᠵᠢᠪᠠᠷ ᠰᠠᠯᠭᠢᠨ ᠳᠤ ᠳᠠᠢ᠌ᠪᠠᠨ ᠣᠨᠠᠭᠰᠠᠨ ᠨᠢᠭᠡ ᠶᠢ ᠨᠢ

ᠵᠤᠵᠠᠭᠠᠨ ᠣᠢ᠌ᠤᠠᠬᠠᠷᠯᠠᠩᠭ᠋ᠤᠢ ᠰᠠᠤᠠᠭᠢᠯ ᠶᠢᠡᠷ ᠡᠷᠭᠦᠨ ᠪᠣᠰᠬᠠᠨ᠎ᠠ

ᠭᠡᠨᠡᠳᠲᠡ ᠳᠡᠭᠡᠭ᠍ᠰᠡᠨ ᠶᠢᠡᠨ

ᠬᠤᠭᠤᠷᠠᠵᠤ ᠣᠨᠠᠭᠰᠠᠨ ᠨᠢᠭᠡ ᠶᠢ ᠳᠠᠰᠤᠳᠠᠨ ᠠᠪᠴᠤ

ᠵᠣᠢ᠌ᠳᠠᠰᠤ ᠵᠠᠯᠭᠠᠰᠤᠳᠠᠢ ᠪᠦᠰᠡᠨ ᠳᠡᠭᠡᠨ ᠬᠠᠪᠴᠢᠭᠤᠯᠤᠯ᠎ᠠ

ᠡᠷᠭᠢᠭᠡᠤᠨ

ᠡᠴᠢᠭᠡ ᠭᠦᠮᠤᠨ ᠤ ᠰᠢᠷᠦᠭᠦᠨ ᠪᠣᠷᠤ ᠬᠠᠷᠠᠴᠠ ᠪᠠᠷ

ᠦᠷ᠎ᠡ ᠳᠠᠷᠢᠶᠠᠨ ᠤ ᠪᠠᠨ ᠳᠡᠭᠡᠭᠦᠷ ᠰᠢᠷᠪᠢᠰᠭᠢᠨ ᠬᠠᠷᠠᠯ᠎ᠠ

ᠵᠦᠪ ᠭᠠᠷ ᠤᠨ ᠬᠠᠳᠤᠭᠤᠷ ᠶᠢᠡᠨ ᠨᠢᠭᠡ ᠰᠤᠭᠰᠤᠷᠤᠨ ᠠᠪᠴᠤ

ᠵᠢᠯ ᠤᠨ ᠦᠩ ᠵᠥᠭᠡᠷᠭᠡᠨ ᠶᠤᠮ ᠳ᠋ᠠ ᠭᠡᠵᠤ

ᠠᠮᠠᠨ ᠳᠠᠭᠠᠨ ᠲᠦᠳᠦᠨᠡᠵᠤ

ᠨᠠᠷᠠᠪᠴᠢᠨ ᠮᠠᠯᠠᠭᠠᠢ ᠪᠠᠨ ᠳᠡᠭᠡᠭ᠍ᠰᠢ ᠡᠷᠭᠦᠰᠭᠢᠯ᠎ᠡ

ᠡᠷ᠎ᠡ ᠴᠡᠷᠢᠭ᠌ ᠤᠨ ᠵᠢᠠᠠᠰᠠᠭᠠᠯ ᠰᠢᠭ

ᠨᠢᠭᠤᠷ ᠳᠤᠨᠢ ᠪᠠᠶᠠᠰᠤᠯ ᠣᠴᠢᠯᠠᠯ᠎ᠠ᠁

ᠡᠩᠨᠡᠷᠡᠨ ᠨᠠᠢ᠌ᠭᠤᠭ᠎ᠠ ᠳᠠᠷᠢᠶᠠᠨ ᠳᠠᠭᠠᠨ

ᠡᠴᠢᠭᠡ ᠮᠢᠨᠢ ᠺᠤᠮᠠᠠᠳᠠᠯᠠᠭᠴᠢ ᠠᠳᠠᠯᠢ ᠰᠥᠷᠯᠢᠭ᠌ ᠠᠯᠬᠤᠨ᠎ᠠ

ᠡᠨᠡ ᠭᠡᠰᠡᠭ᠌ ᠭᠠᠵᠠᠷ ᠳᠠᠷᠢᠶᠠᠨ ᠤ ᠪᠠᠨ

ᠡᠨᠡᠳᠡᠭᠡ ᠥᠵᠦᠭᠦᠷ ᠡᠴᠡ ᠳᠡᠷᠳᠡᠭᠡ ᠵᠠᠬ᠎ᠠ ᠭᠠᠷᠳᠠᠯ᠎ᠠ

ᠡᠩ ᠳᠡᠭᠡᠨ ᠪᠠᠢ᠌ᠴᠠᠭᠠᠵᠤ ᠭᠠᠷᠤᠯ᠎ᠠ

ᠠᠪᠣ ᠶᠢᠨ ᠮᠢᠨᠢ ᠬᠤᠷᠴᠠ ᠪᠣᠷᠤ ᠨᠢᠳᠤ

ᠠᠯᠢ ᠴᠤ ᠣᠷᠭᠤᠮᠠᠯ ᠨᠢᠭᠡ ᠶᠢ ᠠᠯᠳᠠᠯ ᠦᠭᠡᠶ ᠠᠵᠢᠨ᠎ᠠ

ᠠᠮᠤ ᠳᠠᠷᠢᠶ᠎ᠠ ᠮᠢᠨᠢ ᠳᠡᠭᠡᠭᠡᠤᠨ

ᠠᠩᠬᠠᠨ ᠤ ᠭᠡᠳᠤᠨ ᠡᠳᠦᠷ ᠡᠴᠡ ᠢᠯᠡᠭᠦᠤ ᠪᠣᠯᠪᠠᠰᠤᠷᠠᠯ᠎ᠠ ᠳ᠋ᠠ ᠭᠡᠵᠤ

ᠠᠤᠠᠬᠤᠨ ᠳ᠋ᠠᠭᠢ ᠦᠷ᠎ᠡ ᠳᠠᠷᠢᠶ᠎ᠠ ᠪᠠᠨ ᠨᠢᠳᠠᠷᠠᠨ ᠭᠦᠨ ᠪᠠᠶᠠᠰᠤᠨ᠎ᠠ

ᠭᠡᠵᠢᠶ᠎ᠡ ᠨᠢᠭᠡ ᠡᠳᠦᠷ ᠬᠠᠳᠤᠭᠤᠷ ᠣᠷᠤᠨ᠎ᠠ ᠭᠡᠳᠡᠭ᠌ ᠢ

ᠭᠡᠨ ᠶᠢᠡᠷ ᠴᠤ ᠭᠡᠯᠡᠭᠦᠯᠡᠯ ᠦᠭᠡᠶ

ᠡᠴᠢᠭᠡ ᠮᠢᠨᠢ ᠦᠪᠡᠷ ᠶᠢᠡᠨ ᠮᠠᠳᠠᠨ᠎ᠠ

ᠭᠦᠪᠴᠢ ᠵᠢᠯᠠᠭ᠎ᠠ ᠶᠢᠨ ᠳᠠᠷᠢᠶ᠎ᠠ ᠨᠢ

ᠭᠦᠷᠴᠤ ᠢᠷᠡᠭᠦ ᠳᠠᠷᠠ ᠡᠳᠦᠷ ᠢ ᠳᠠᠰᠴᠤ ᠶᠠᠳᠠᠨ ᠬᠠᠯᠢᠭᠤᠷᠠᠨ᠎ᠠ ᠳ᠋ᠠ

ᠭᠦᠭᠡᠷᠦᠭᠦᠢ︕ᠡᠴᠢᠭᠡ ᠶᠢᠨ ᠮᠢᠨᠢ

ᠭᠦᠷᠡᠨ ᠪᠣᠷᠤ ᠴᠢᠷᠠᠢ ᠳᠤ

ᠬᠤᠨᠢᠶᠠᠰᠤ ᠨᠢᠭᠡ ᠨᠡᠮᠡᠭ᠍ᠳᠡᠯ᠎ᠡ ᠡ︕


ᠪᠠᠭᠡᠵᠩ ᠬᠤᠳᠠ ᠵᠢᠨ《ᠶᠡᠭᠡ - ᠠᠶᠠᠨ》 ᠵᠢᠭᠤᠯᠠᠴᠢᠯᠠᠯ ᠤᠨ ᠥᠢ᠌ᠯᠡᠴᠢᠯᠭᠡᠨ ᠤ ᠺᠤᠮᠫᠠᠨᠢ

ᠵᠤᠬᠢᠶᠠᠭᠴᠢ᠄ ᠱᠠ᠊·ᠬᠠᠳᠠᠪᠴᠢ
ᠢᠷᠡᠯᠲᠡ᠄ ᠱᠠ᠊·ᠬᠠᠳᠠᠪᠴᠢ
ᠬᠠᠷᠢᠶ᠎ᠠ᠄ ᠰᠢᠯᠦᠭ
ᠳᠠᠷᠤᠮ᠄ 3743
ᠴᠠᠭ᠄ 2008 ᠤᠨ ᠤ 10 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ