☆ ᠨᠤ᠋·ᠳᠡᠭ᠍ᠵᠢᠷᠡᠭᠦ
ᠪᠣᠰᠤᠭ᠎ᠠ ᠳᠤᠮᠤᠭᠳᠤ ᠦᠴᠢᠯ
ᠪᠣᠳᠤᠯ ᠤᠨ ᠣᠴᠢ ᠬᠠᠷᠪᠣᠵᠤ ᠦᠳᠡᠰᠢ ᠶᠢᠨ ᠣᠭᠳᠠᠷᠭᠤᠢ ᠶᠢ ᠵᠦᠰᠤᠵᠤ
ᠪᠣᠷᠬᠠᠨ ᠬᠠᠯᠳᠤᠨ ᠡᠴᠡ ᠪᠢᠯᠢᠭ᠌ ᠤᠴᠢᠯᠡᠵᠤ ᠭᠡᠷᠦᠯᠤᠨ ᠤ ᠭᠦᠪᠠᠭᠡᠨ ᠳᠤ ᠰᠠᠭᠠᠳᠠᠨᠠᠮ
ᠪᠣᠭᠤᠷᠤᠯ ᠳᠤᠮᠤᠭ ᠡᠴᠡ ᠰᠠᠳᠤᠪᠯᠠᠵᠤ ᠪᠣᠭᠳᠠ ᠴᠢᠩᠭᠢᠰ ᠢ ᠰᠠᠨᠠᠭᠠᠯᠵᠠᠬᠤ ᠳᠤ
ᠪᠠᠢ᠌ᠯᠳᠤᠨ ᠳᠠᠭᠠᠭᠤᠯᠤᠭᠰᠠᠨ ᠬᠤᠷᠸᠼᠮ ᠤᠨ ᠡᠪᠳᠡᠷᠭᠡᠢ ᠬᠤᠳᠠ ᠪᠦᠷᠳᠦᠯᠵᠡᠨ᠎ᠡ
ᠳᠠᠲ᠋ᠠᠷ ᠦᠬᠢᠨ ᠶᠢᠰᠤᠢ ᠶᠢᠨ ᠴᠠᠴᠠᠨ ᠣᠬᠠᠭᠠᠨ ᠰᠤᠯᠤᠩᠭ᠋ᠠᠷᠠᠵᠤ
ᠳᠠᠢ᠌ᠴᠢᠭᠤᠳ ᠭᠦᠭ᠍ᠰᠢᠨ ᠰᠤᠷᠬᠠᠨ ᠰᠢᠷ᠎ᠠ ᠶᠢᠨ ᠭᠦᠮᠤᠨ ᠮᠦᠰᠤ ᠰᠢᠵᠢᠷᠳᠠᠨᠠᠮ
ᠲᠤᠮᠤᠭᠠᠲᠠᠢ ᠡᠷ᠎ᠡ ᠰᠢᠭᠢᠬᠤᠳᠤᠭ ᠤᠨ ᠳᠠᠮᠤᠷ ᠬᠠᠤᠯᠢ ᠭᠢᠯᠠᠯᠵᠠᠬᠤ ᠳᠤ
ᠳᠠᠩᠭ᠋ᠤᠳ ᠡᠷᠳᠡᠮᠳᠡᠨ ᠶᠸᠯᠢᠤᠢ ᠴᠦᠼᠡᠢ ᠶᠢᠨ ᠮᠡᠷᠭᠡᠨ ᠪᠤᠳᠤᠯᠭ᠎ᠠ ᠲᠡᠷᠭᠡᠯᠰᠢᠨ᠎ᠡ
ᠪᠠᠯᠠᠷ ᠰᠢᠭᠤᠢ ᠶᠢᠨ ᠲᠦᠩ ᠬᠠᠷ᠎ᠠ ᠣᠢ ᠳ᠋ᠤ ᠲ᠋ᠡᠮᠦᠵᠢᠨ ᠪᠠᠭ᠍ᠳᠡᠷ ᠢ ᠬᠠᠷᠪᠣᠵᠤ
ᠪᠣᠷᠵᠢᠭᠢᠨ ᠶᠠᠰᠤᠳᠠᠨ ᠤ ᠥᠯᠢᠭᠡᠷ ᠳᠡᠦᠭᠡᠨ ᠳᠤ ᠡᠴᠢᠭᠡ ᠭᠦᠪᠠᠭᠦᠨ ᠵᠥᠷᠢᠴᠡᠯᠳᠦᠨᠡᠮ
ᠪᠦᠷᠳᠡ ᠡᠭᠡ ᠶᠢᠨ ᠬᠠᠯᠠᠭᠤᠨ ᠨᠢᠯᠪᠣᠰᠤᠨ ᠳᠤ ᠭᠤᠨᠢᠭ ᠪᠠᠶᠠᠰᠤᠯ ᠬᠤᠤᠰᠯᠠᠬᠤ ᠳᠤ
ᠪᠣᠭᠳᠠ ᠴᠢᠩᠭᠢᠰ ᠤᠨ ᠢᠰᠡᠭᠡᠢ ᠮᠠᠢ᠌ᠬᠠᠨ ᠳᠤ ᠵᠦᠴᠢ ᠴᠠᠭᠠᠳᠠᠢ ᠵᠢᠭᠤᠷᠠᠯᠳᠤᠨᠠᠮ
ᠠᠠᠳᠠ ᠶᠢᠨ ᠵᠢᠷᠤᠮ ᠢ ᠭᠦᠢᠴᠡᠳᠭᠡᠭ᠍ᠰᠡᠨ ᠡᠴᠡ ᠵᠠᠮᠤᠬ᠎ᠠ ᠪᠦᠳᠤᠨ ᠭᠡᠭᠦᠷ ᠲᠡᠶ ᠮᠥᠭᠦᠵᠤ
ᠠᠢ᠌ᠮᠠᠭ ᠤᠨ ᠨᠠᠢ᠌ᠷ ᠢ ᠪᠣᠳᠤᠭᠰᠠᠨ ᠡᠴᠡ ᠲ᠋ᠡᠷᠭᠤᠳᠡᠢ ᠥᠭᠡᠷ ᠤᠨ ᠠᠷᠠᠰᠤᠨ ᠳᠤ ᠡᠴᠦᠰᠯᠡᠪᠠᠢ
ᠠᠪᠣ ᠶᠢᠨ ᠠᠴᠢ ᠶᠢ ᠰᠠᠨᠠᠭᠰᠠᠨ ᠡᠴᠡ ᠠᠯᠳᠠ ᠠᠪᠠᠭ᠎ᠠ ᠠᠮᠢᠳᠤ ᠰᠡᠷᠡᠭᠦᠨ ᠦᠯᠠᠳᠠᠵᠤ
ᠠᠮᠠᠷᠠᠭ ᠤᠨ ᠰᠠᠤᠠᠭᠢᠯ ᠢ ᠵᠢᠷᠤᠮᠯᠠᠭᠰᠠᠭᠠᠷ ᠬᠠᠳᠠᠭᠠᠨ ᠭᠡᠦᠭᠡᠨ ᠪᠠᠯᠪᠠᠰᠤᠨ ᠬᠤᠴᠤᠷᠴᠤᠬᠤᠢ
ᠥᠭᠦᠯ ᠮᠥᠭᠦᠯ ᠡᠴᠡ ᠰᠥᠷᠳᠡᠳᠡᠭ᠌ ᠦᠭᠡᠶ ᠵᠠᠯᠮ᠎ᠠ ᠪᠠᠭᠠᠳᠤᠷ ᠤᠨ ᠡᠷᠡᠮᠡᠭᠡᠢ ᠰᠥᠰᠤ
ᠦᠨᠡᠨ ᠶᠤᠰᠤ ᠶᠢ ᠥᠭᠦᠨ ᠪᠠᠷᠢᠮᠳᠠᠯᠠᠳᠠᠭ ᠮᠤᠬᠤᠯᠠᠢ ᠵᠠᠩᠵᠤᠨ ᠤ ᠡᠷᠡᠯᠭᠡᠭ᠌ ᠵᠤᠷᠢᠭ
ᠥᠭᠡᠢ᠌ᠭᠦᠤ ᠶᠠᠳᠠᠭᠤ ᠶᠢ ᠡᠨᠡᠷᠢᠨ ᠥᠷᠦᠰᠢᠶᠡᠳᠡᠭ᠌ ᠥᠭᠡᠯᠤᠨ ᠡᠭᠡ ᠶᠢᠨ ᠥᠭ᠍ᠭᠢᠶᠡᠮᠦᠷ ᠰᠠᠤᠠᠭᠢᠯ
ᠦᠨᠦᠴᠢᠨ ᠪᠠᠯᠪᠠᠰᠤᠨ ᠢ ᠠᠭᠤᠴᠢᠯᠠᠨ ᠪᠠᠭᠳᠠᠭᠠᠳᠠᠭ ᠡᠵᠡᠨ ᠴᠢᠩᠭᠢᠰ ᠤᠨ ᠠᠭᠤᠳᠠᠮ ᠪᠣᠳᠤᠯᠭ᠎ᠠ
2006.3.30
ᠵᠤᠬᠢᠶᠠᠭᠴᠢ᠄ ᠨᠤ᠋·ᠳᠡᠭ᠍ᠵᠢᠷᠡᠭᠦ
ᠢᠷᠡᠯᠲᠡ᠄ ᠠᠯᠳᠠᠷᠳᠤ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 3853
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ