ᠨᠡᠪᠲᠡᠷᠡᠨ ᠤᠷᠤᠬᠤ
ᠳᠸᠯᠸᠢᠰ ᠤᠨ ᠬᠤᠷᠤᠬᠠᠢ

     ᠪᠢ ᠪᠠᠭ᠎ᠠ ᠡᠴᠠ ᠪᠠᠨ ᠳᠸᠯᠸᠢᠰ ᠥᠵᠡᠭᠦ ᠳᠤᠩ ᠳᠤᠷᠠᠳᠠᠢ ᠶᠤᠮ᠃ ᠨᠢᠭᠡ ᠡᠳᠦᠷ ᠳᠸᠯᠸᠢᠰ ᠣᠯᠵᠤ ᠥᠵᠡᠭᠦ ᠦᠭᠡᠶ ᠪᠣᠯ ᠰᠦᠨᠠᠰᠤ ᠪᠠᠨ ᠠᠯᠳᠠᠴᠢᠬᠠᠭᠰᠠᠨ ᠰᠢᠭ ᠪᠣᠯᠴᠢᠬᠠᠳᠠᠭ᠃

     ᠨᠢᠭᠡᠨ ᠣᠳᠠᠭ᠎ᠠ ᠪᠢᠳᠠ ᠭᠡᠷ ᠶᠢᠡᠷ ᠶᠢᠡᠨ ᠤᠢ᠌ᠷ᠎ᠡ ᠳᠦᠷᠤᠯ ᠤᠨ ᠳᠤ ᠪᠠᠨ ᠠᠢ᠌ᠯᠴᠢᠯᠠᠬᠤ ᠪᠠᠷ ᠣᠴᠢᠭᠰᠠᠨ ᠪᠠᠢ᠌ᠨ᠎ᠠ᠃ ᠢᠩᠭᠢᠭᠡᠳ ᠬᠠᠷᠢᠵᠤ ᠢᠷᠡᠭ᠍ᠰᠡᠨ ᠤ ᠳᠠᠷᠠᠭ᠎ᠠ ᠳᠸᠯᠸᠢᠰ ᠶᠢᠡᠨ ᠨᠡᠭᠡᠭᠡᠵᠤ ᠥᠵᠡᠭ᠍ᠰᠡᠨ ᠴᠢᠨᠢ ᠮᠢᠨᠤ ᠬᠠᠮᠤᠭ ᠡᠴᠠ ᠪᠠᠬᠠᠷᠬᠠᠨ ᠦᠵᠡᠵᠤ ᠪᠠᠢ᠌ᠭᠰᠠᠨ ᠭᠡᠦᠭᠡᠯᠳᠡᠢ ᠵᠥᠴᠦᠭᠡ ᠪᠦᠭᠦᠨ ᠶᠢᠡᠷ ᠶᠢᠡᠨ ᠪᠠᠷᠠᠴᠢᠬᠠᠭᠰᠠᠨ ᠪᠠᠢ᠌ᠵᠠᠢ᠃ ᠡᠭᠦᠨ ᠳᠤ ᠪᠢ ᠲᠤᠢ᠌ᠯ ᠶᠢᠡᠷ ᠬᠠᠷᠠᠮᠰᠠᠨ ᠨᠢᠳᠤᠨ ᠤ ᠨᠢᠯᠪᠣᠰᠤ ᠦᠪᠡᠷ ᠤᠨ ᠡᠷᠭᠡ ᠦᠭᠡᠶ ᠪᠦᠮᠪᠦᠷᠢᠨ ᠭᠤᠭᠤᠵᠢᠯ᠎ᠠ᠃ ᠠᠪᠣ ᠡᠵᠢ ᠮᠢᠨᠢ ᠨᠠᠮ᠎ᠠ ᠶᠢ ᠬᠠᠷᠠᠭᠠᠤᠨ ᠠᠭᠤᠷᠯᠠᠵᠤ ᠴᠤ ᠴᠢᠳᠠᠬᠤ ᠦᠭᠡᠶ᠂ ᠢᠨᠢᠶᠠᠵᠤ ᠴᠤ ᠴᠢᠳᠠᠬᠤ ᠦᠭᠡᠶ᠂ ᠠᠷᠭ᠎ᠠ ᠪᠠᠨ ᠪᠠᠷᠠᠬᠤ ᠳᠠᠭᠠᠨ ᠠᠮᠳᠠᠳᠤ ᠢᠳᠡᠭᠡᠨ᠂ ᠣᠤᠭᠤᠬᠤ ᠣᠮᠳᠠᠭᠠᠨ ᠶᠢᠡᠨ ᠭᠠᠷᠭᠠᠵᠤ ᠦᠭ‍ᠭᠦᠭ᠍ᠰᠡᠨ ᠪᠣᠯᠪᠠᠴᠤ ᠮᠢᠨᠤ ᠣᠭᠢᠯᠠᠬᠤ ᠶᠢ ᠵᠤᠭᠰᠤᠭᠠᠵᠤ ᠴᠢᠳᠠᠭᠰᠠᠨ ᠦᠭᠡᠶ᠃ ᠠᠪᠣ ᠭᠡᠰᠡᠭ᠌ ᠣᠳᠠᠭᠰᠠᠨ ᠶᠢᠡᠨ᠄   《ᠪᠢᠳᠡᠭᠡᠢ ᠣᠭᠢᠯᠠᠭᠠᠤᠨ ᠪᠠᠢ᠂ ᠮᠠᠷᠭᠠᠰᠢ ᠴᠢᠮ᠎ᠠ ᠶᠢ ᠢᠯᠡᠭᠦᠤ ᠨᠢᠭᠡ ᠴᠠᠭ ᠳᠸᠯᠸᠢᠰ ᠥᠵᠡᠭᠦᠯᠦᠶ᠎ᠡ︕》  ᠭᠡᠵᠤ ᠠᠷᠭᠠᠳᠠᠨ ᠭᠡᠯᠡᠭ᠍ᠰᠡᠨ ᠳᠤ ᠪᠢ ᠰᠠ‍‌ᠶᠢ ᠣᠭᠢᠯᠠᠬᠤ ᠪᠠᠨ ᠵᠤᠭᠰᠤᠭᠰᠠᠨ ᠰᠢᠤ᠃

     ᠡᠢ᠌ᠮᠤ ᠡᠴᠠ ᠮᠠᠨ ᠤ ᠭᠡᠷ ᠤᠨ ᠭᠦᠮᠦᠰ ᠪᠦᠷ ᠨᠠᠮ᠎ᠠ ᠶᠢ 《ᠳᠸᠯᠸᠢᠰ ᠤᠨ ᠬᠤᠷᠤᠬᠠᠢ》  ᠭᠡᠵᠤ ᠬᠤᠴᠠᠯᠠᠳᠠᠭ ᠪᠣᠯᠪᠠ᠃ ᠭᠡᠪᠠᠴᠤ ᠪᠢ ᠣᠳᠤ ᠭᠤᠷᠪᠠᠳᠤᠭᠠᠷ ᠣᠨ ᠤ ᠰᠤᠷᠤᠭᠴᠢ ᠪᠣᠯᠵᠤ᠂ 《ᠨᠤᠮ ᠤᠨ ᠬᠤᠷᠤᠬᠠᠢ》  ᠭᠡᠳᠡᠭ᠌ ᠭᠢᠴᠢᠶᠠᠯ ᠢ ᠰᠤᠷᠤᠭᠠᠤᠨ ᠣᠤᠯ ᠳᠠᠭᠠᠨ 《ᠳᠸᠯᠸᠢᠰ ᠤᠨ ᠬᠤᠷᠤᠬᠠᠢ》  ᠪᠠᠢ᠌ᠭᠰᠠᠨ ᠣᠭᠢᠯᠠᠩᠬᠠᠢ ᠭᠦᠤ ᠦᠨᠦᠳᠤᠷ ᠡᠴᠠ ᠡᠭᠢᠯᠡᠭᠡᠳ 《ᠨᠤᠮ ᠤᠨ ᠬᠤᠷᠤᠬᠠᠢ》  ᠪᠣᠯᠬᠤ ᠪᠠᠷ ᠵᠤᠷᠢᠭ ᠰᠢᠭᠤᠳᠤᠭᠰᠠᠨ ᠪᠠᠢ᠌ᠨ᠎ᠠ᠃


                      ᠵᠢᠯᠤᠭᠤᠳᠤᠭᠰᠠᠨ ᠪᠠᠭᠰᠢ᠄   ᠲ᠋ᠠᠪᠬᠤᠷᠪᠠᠶᠠᠷ


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤᠨ ᠤ ᠬᠤᠩᠬᠤᠷᠳᠠᠯ᠎ᠠ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠯᠢᠶᠠᠩ ᠵᠢᠶᠠᠨ ᠭᠦᠸᠧ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 3078
ᠴᠠᠭ᠄ 2011 ᠤᠨ ᠤ 05 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ