☆ ᠪᠠ᠊·ᠤᠳᠬᠤᠠᠪᠠᠭᠠᠳᠤᠷ
ᠳᠦᠴᠢᠨ ᠨᠠᠰᠤᠨ ᠤ ᠳᠠᠭᠤᠯᠠᠯ
ᠣᠷᠭ᠎ᠠ ᠳᠤᠯᠵᠤ
ᠳᠦᠷᠦᠭᠡ ᠢᠰᠭᠦᠯᠳᠡᠭ᠌ ᠨᠠᠰᠤ
ᠳᠤᠮᠤᠭ᠎ᠠ ᠭᠦᠢᠴᠡᠵᠤ
ᠣᠢ᠌ᠯᠠᠰ ᠪᠣᠰᠬᠠᠳᠠᠭ ᠨᠠᠰᠤ
ᠠᠷᠠᠤᠨ ᠤᠨ ᠮᠦᠩᠭᠦ ᠵᠢ
ᠠᠳᠬᠤ ᠪᠠᠷ ᠣᠯᠳᠠᠭ ᠨᠠᠰᠤ
ᠣᠬᠠᠭᠠᠨ ᠶᠢᠡᠨ ᠲᠦᠰᠢᠵᠤ
ᠠᠮᠢᠳᠤᠷᠠᠯ ᠪᠣᠴᠠᠯᠭᠠᠳᠠᠭ ᠨᠠᠰᠤ
ᠨᠠᠰᠤᠨ ᠤ ᠦᠯᠵᠡᠢ ᠳ᠋ᠤ
ᠭᠡᠢ᠌ᠮᠦᠷᠢ ᠪᠠᠷ ᠳᠠᠯᠠᠯᠤᠳᠠᠭ ᠨᠠᠰᠤ
ᠨᠠᠢ᠌ᠵᠠ ᠶᠢᠨ ᠳᠡᠭ᠍ᠷᠢ ᠳ᠋ᠤ
ᠳᠦᠰᠢᠭ᠌ ᠪᠣᠯᠳᠠᠭ ᠨᠠᠰᠤ
ᠨᠡᠢ᠌ᠭᠡᠮ ᠤᠨ ᠭᠦᠭ᠍ᠵᠢᠯ ᠳ᠋ᠤ
ᠮᠦᠷᠤ ᠨᠢ ᠪᠣᠯᠳᠠᠭ ᠨᠠᠰᠤ
ᠨᠠᠷᠠᠯᠠᠭ ᠬᠤᠷᠸ᠎ᠠ ᠳ᠋ᠤ
ᠥᠭ᠍ᠭᠢᠶᠡᠮᠦᠷ ᠬᠠᠢ᠌ᠷᠠᠯᠠᠳᠠᠭ ᠨᠠᠰᠤ
ᠳᠦᠴᠢᠨ ᠵᠢᠯ ᠤᠨ
ᠨᠠᠷᠠᠨ ᠦᠨᠦᠷ ᠲᠡᠶ ᠨᠠᠰᠤ
ᠳᠤᠮᠤᠭ᠎ᠠ ᠦᠭᠡᠶ ᠵᠠᠯᠠᠭᠤᠰ ᠳᠤ
ᠭᠢᠴᠢᠶᠠᠯ ᠣᠷᠤᠳᠠᠭ ᠨᠠᠰᠤ
ᠳᠦᠭᠡᠯᠡᠵᠤ ᠶᠠᠪᠣᠭᠰᠠᠨ
ᠠᠮᠢᠳᠤᠷᠠᠯ ᠤᠨ ᠭᠠᠬᠠᠰ ᠠᠶᠠᠨ ᠳ᠋ᠤ
ᠳᠤᠭ ᠶᠢᠠᠨ ᠡᠷᠭᠦᠵᠤ
ᠭᠦᠤ ᠪᠠᠨ ᠰᠤᠷᠭᠠᠳᠠᠭ ᠨᠠᠰᠤ ᠡ
ᠠᠢ᠌ᠯ ᠤᠨ ᠪᠦᠰᠡᠭᠦᠢ ᠳᠤ ᠳᠤᠷᠠᠯᠠᠭᠰᠠᠨ ᠵᠢᠠᠨ
ᠰᠢᠭᠤᠳ ᠶᠠᠷᠢᠳᠠᠭ ᠨᠠᠰᠤ
ᠠᠷᠢᠭᠢᠨ ᠳᠤ ᠬᠠᠯᠠᠭᠰᠠᠨ ᠠᠮᠠᠨ ᠡᠴᠠ
ᠥᠯᠢᠭᠡᠷ ᠴᠤᠪᠣᠳᠠᠭ ᠯᠠ ᠨᠠᠰᠤ
ᠠᠵᠢᠯ ᠠᠮᠢᠳᠤᠷᠠᠯ ᠤᠨ ᠳᠤᠷᠰᠢᠯᠭ᠎ᠠ ᠡᠴᠠ
ᠳᠤᠰᠤ ᠪᠦᠮᠪᠦᠷᠢᠳᠡᠭ᠌ ᠨᠠᠰᠤ
ᠡᠭᠡᠨᠡᠭ᠍ᠳᠡ ᠣᠷᠤᠰᠢᠬᠤ ᠣᠷᠴᠢᠯ ᠵᠢᠠᠷ
ᠰᠦᠷ ᠲᠡᠶ ᠪᠠᠨ ᠵᠤᠭᠰᠤᠳᠠᠭ ᠨᠠᠰᠤ
ᠳᠦᠴᠢᠨ ᠵᠢᠯ ᠤᠨ
ᠰᠠᠯᠭᠢᠨ ᠰᠡᠵᠢᠭᠦᠷ ᠲᠡᠶ ᠨᠠᠰᠤ
ᠳᠤᠭᠤᠯᠬᠤ ᠶᠤᠰᠤ ᠳᠠᠢ
ᠭᠦᠮᠤᠨ ᠤ ᠠᠮᠢᠳᠤᠷᠠᠯ ᠤᠨ ᠵᠢᠮ᠎ᠠ ᠪᠠᠷ
ᠠᠯᠬᠤᠵᠤ ᠢᠷᠡᠭ᠍ᠰᠡᠨ
ᠴᠠᠭᠠᠨ ᠮᠦᠷ ᠲᠡᠶ ᠨᠠᠰᠤ ᠡ ᠁
2011 . 10 . 30
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2650
ᠴᠠᠭ᠄ 2011 ᠤᠨ ᠤ 10 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ