ᠨᠡᠪᠲᠡᠷᠡᠨ ᠤᠷᠤᠬᠤ
ᠠᠪᠣ ᠶᠢᠨ ᠮᠢᠨᠢ ᠰᠡᠭᠦᠷᠡᠰᠤ

ᠨᠠᠮᠬᠠᠨ ᠭᠦᠳᠦᠯ ᠤᠨ ᠣᠷᠤᠢ ᠳᠤ

ᠡᠪᠦᠭᠡᠨ ᠱᠠᠩᠰᠢ ᠱᠤᠤᠭᠢᠬᠤ ᠮᠠᠳᠤ

ᠨᠠᠶᠠ ᠶᠢᠨ ᠨᠠᠮᠳᠠᠷ ᠳᠡᠪᠳᠡᠷᠯᠡᠭ᠍ᠰᠡᠨ

ᠥᠳᠡᠯᠦᠭᠡ ᠠᠪᠣ ᠮᠢᠨᠢ ᠰᠡᠭᠦᠷᠡᠰᠦᠯᠡᠭᠦ ᠪᠣᠯᠪᠠ᠃

ᠬᠠᠪᠣᠷ ᠤᠨ ᠵᠢᠪᠠᠷ ᠤᠨ ᠭᠦᠩᠭᠡᠭᠡᠨ ᠳᠤᠵᠢᠭᠢᠨᠠᠭ᠎ᠠ ᠪᠠᠷ

ᠬᠠᠬᠠᠵᠤ ᠪᠦᠳᠡᠮ᠎ᠡ ᠳᠤᠭᠤᠰᠤ ᠪᠣᠵᠢᠭᠢᠨᠠᠬᠤ ᠪᠠᠷ

ᠬᠠᠭᠤᠷᠠᠢ ᠰᠢᠷᠭᠠᠯ ᠳᠡᠭ᠍ᠷᠢ ᠭᠠᠵᠠᠷ ᠶᠢᠡᠨ

ᠬᠠᠷᠠᠭ᠎ᠠ ᠪᠠᠯᠠᠷᠳᠠᠭᠤᠯᠤᠨ ᠰᠢᠷᠳᠡᠭᠡᠳ ᠰᠡᠭᠦᠷᠡᠰᠦᠯᠡᠪᠡ᠃

ᠳᠠᠷᠢᠶ᠎ᠠ ᠦᠷᠭᠡᠳᠴᠤ ᠳᠠᠯ᠎ᠠ ᠪᠠᠷᠠᠭᠳᠠᠬᠤ ᠪᠠᠷ

ᠮᠠᠯ ᠴᠥᠭᠡᠷᠡᠵᠤ ᠳᠤᠤᠷ ᠠᠷᠪᠢᠤᠠᠬᠤ ᠪᠠᠷ

ᠮᠤᠲ᠋ᠤᠷ ᠣᠯᠠᠳᠠᠵᠤ ᠮᠤᠷᠢ ᠬᠤᠪᠣᠷᠳᠠᠬᠤ ᠪᠠᠷ

ᠳᠤᠭᠤᠰᠤᠷᠠᠭᠰᠠᠨ ᠡᠮᠡᠭᠡᠯ ᠶᠢᠡᠨ ᠵᠥᠯᠭᠦᠭᠦ ᠪᠦᠷᠢ ᠳᠡᠭᠡᠨ ᠰᠡᠭᠦᠷᠡᠰᠦᠯᠡᠪᠡ᠃

ᠣᠰᠤᠨ ᠤ ᠰᠢᠪᠠᠭᠤᠳ ᠨᠢ ᠨᠢᠰᠤᠨ ᠬᠤᠯᠠᠳᠤᠭᠠᠤᠨ

ᠳᠤᠭᠤᠷᠢᠮ ᠤᠨ ᠨᠠᠭᠤᠷ ᠤᠨ ᠱᠠᠯᠪᠠᠭ ᠭᠠᠩᠰᠠᠷᠠᠬᠤ ᠪᠠᠷ

ᠦᠰᠪᠦᠷᠢ ᠬᠡᠦᠬᠡᠳ ᠨᠢ ᠰᠠᠮᠪᠠᠷ᠎ᠠ ᠲᠡᠶ ᠪᠠᠨ ᠨᠡᠭᠦᠭᠡᠳ

ᠳᠤᠰᠬᠤᠨ ᠤ ᠰᠤᠷᠭᠠᠭᠤᠯᠢ ᠡᠵᠡᠭᠦᠢᠷᠡᠭᠦ ᠳᠤ ᠰᠡᠭᠦᠷᠡᠰᠦᠯᠡᠪᠡ᠃

ᠬᠤᠪᠢᠯᠢᠭ ᠦᠬᠢᠳ ᠨᠢ ᠬᠤᠳᠠ ᠣᠷᠤᠭᠠᠤᠨ

ᠬᠣᠢ᠌ᠰᠢ ᠪᠣᠴᠠᠬᠤ ᠪᠠᠷ᠎ᠠ ᠦᠭᠡᠶ ᠳᠤ

ᠳᠤᠷᠪᠢᠯᠢᠭ ᠭᠦᠪᠠᠭᠦᠤᠨ ᠨᠢ ᠭᠤᠨᠢᠭ ᠳᠠᠪᠠᠷᠢᠵᠤ

《ᠳᠤᠭᠰᠢᠨ ᠬᠠᠷ᠎ᠠ》 ᠳᠠᠭᠠᠨ ᠳᠡᠪᠳᠦᠭᠦ ᠳᠤ ᠰᠡᠭᠦᠷᠡᠰᠦᠯᠡᠪᠡ᠃

ᠬᠠᠩᠰᠢ ᠥᠩᠭᠡᠷᠡᠭᠡᠳ ᠬᠠᠭᠳᠠ ᠨᠢᠳᠦᠯᠡᠭᠦ ᠦᠭᠡᠶ ᠳ᠋ᠤ

ᠬᠠᠷᠢᠶᠠᠴᠠᠢ ᠢᠷᠡᠭᠡᠳ ᠪᠣᠷᠤᠭ᠎ᠠ ᠣᠷᠤᠭ᠎ᠠ ᠦᠭᠡᠶ ᠳ᠋ᠤ

ᠬᠠᠰᠢᠶᠠᠨ ᠳᠠᠭᠠᠨ ᠦᠯᠡᠳᠡᠭᠡᠭ᠍ᠰᠡᠨ ᠳᠤᠭᠤᠯ ᠶᠢᠡᠨ ᠣᠰᠤᠯᠠᠬᠤ ᠳ᠋ᠠᠭᠠᠨ

ᠬᠠᠢ︕ ᠭᠡᠵᠤ ᠣᠪ ᠣᠷᠳᠤᠬᠠᠨ ᠰᠡᠭᠦᠷᠡᠰᠦᠯᠡᠪᠡ᠃

ᠠᠭᠰᠢᠷᠠᠭ᠎ᠠ ᠠᠪᠣ ᠶᠢᠨ ᠮᠢᠨᠢ ᠰᠡᠭᠦᠷᠡᠰᠤᠨ ᠳᠤ

ᠠᠭᠠᠭ ᠲᠡᠶ ᠵᠠᠯᠠᠭᠤ ᠨᠠᠰᠤ ᠨᠢ ᠡᠷᠢᠭ᠍ᠳᠡᠨ᠎ᠡ᠂

ᠠᠳᠤᠭᠤᠨ ᠤ ᠦᠣᠷᠰᠠᠯ᠂ ᠪᠣᠳᠤᠭᠤ ᠶᠢᠨ ᠪᠣᠢ᠌ᠯᠠᠭ᠎ᠠ ᠨᠢ ᠡᠷᠢᠭ᠍ᠳᠡᠨ᠎ᠡ᠂

ᠠᠢ᠌ᠷᠠᠭ ᠴᠡᠭᠡ᠂ ᠰᠦ᠋ ᠶᠢᠨ ᠦᠨᠦᠷ ᠨᠢ ᠡᠷᠢᠭ᠍ᠳᠡᠨ᠎ᠡ᠃

ᠦᠨᠢᠷ ᠰᠦᠷᠦᠭ᠌ ᠡᠪᠠᠰᠤ ᠪᠠᠯᠴᠢᠭᠡᠷ ᠨᠢ ᠥᠭᠡᠢ᠌ᠯᠡᠭ᠍ᠳᠡᠨ᠎ᠡ᠂

ᠡᠪᠦᠯ ᠵᠤᠨ ᠤ ᠣᠳᠤᠷ ᠨᠡᠭᠦᠳᠡᠯ ᠨᠢ ᠥᠭᠡᠢ᠌ᠯᠡᠭ᠍ᠳᠡᠨ᠎ᠡ᠂

ᠦᠷᠯᠦᠭᠡ ᠦᠳᠡᠰᠢ ᠶᠢᠨ ᠴᠠᠪᠠᠷ ᠠᠭᠠᠷ ᠨᠢ ᠥᠭᠡᠢ᠌ᠯᠡᠭ᠍ᠳᠡᠨ᠎ᠡ᠂

ᠥᠭ᠍‍ᠭᠢᠶᠡᠮᠦᠷ ᠳᠠᠩᠰᠤᠭ ᠨᠤᠳᠤᠭ ᠪᠠᠢ᠌ᠭᠠᠯᠢ ᠨᠢ ᠥᠭᠡᠢ᠌ᠯᠡᠭ᠍ᠳᠡᠨ᠎ᠡ᠃

ᠠᠪᠣ ᠶᠢᠨ ᠮᠢᠨᠢ ᠰᠡᠭᠦᠷᠡᠰᠤ ᠶᠢ ᠳᠠᠭᠠᠵᠤ

ᠠᠢ᠌ᠯ ᠤᠨ ᠮᠢᠨᠢ ᠮᠠᠢ᠌ᠵᠢᠭᠢ ᠭᠡᠷ ᠤᠳ ᠳᠤᠷᠣᠢ᠌ᠨ᠎ᠠ᠃

ᠠᠬᠤᠢ ᠶᠢᠨ ᠱᠤᠷᠪᠣᠭ ᠭᠦᠯᠦᠰᠤ ᠣᠷᠤᠰᠤᠨ᠎ᠠ᠃

ᠠᠮᠢᠳᠤᠷᠠᠯ ᠤᠨ ᠡᠮᠵᠡᠭ᠌ ᠨᠢᠯᠪᠣᠰᠤ ᠭᠡᠯᠭᠢᠶᠡᠷᠡᠨ᠎ᠡ᠃


ᠵᠤᠬᠢᠶᠠᠭᠴᠢ ᠶᠢᠨ ᠬᠠᠶ‍ᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤ ᠮᠤᠳᠤᠳᠤ ᠭᠤᠤᠯ ᠰᠤᠷᠭᠠᠭᠤᠯᠢ

ᠵᠤᠬᠢᠶᠠᠭᠴᠢ᠄ ᠪᠣᠷᠵᠢᠭᠢᠨ·ᠪᠦᠷᠢᠨ‍ᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2647
ᠴᠠᠭ᠄ 2010 ᠤᠨ ᠤ 05 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ