ᠨᠡᠪᠲᠡᠷᠡᠨ ᠤᠷᠤᠬᠤ
ᠡ᠊ᠨᠳᠡᠭᠦᠤ ᠬᠠᠢ᠌ᠷᠠᠯᠠᠭᠰᠠᠨ ᠴᠤ ᠳᠤᠷᠠᠳᠠᠢ

  ᠪᠣᠷᠬᠠᠨ ᠡᠴᠠ ᠨᠢᠭᠤᠵᠤ ᠳᠡᠢ᠌ᠯᠦᠭ᠍ᠰᠡᠨ ᠴᠤ

  ᠴᠢᠮ᠎ᠠ ᠡᠴᠠ ᠨᠢᠭᠤᠵᠤ ᠴᠢᠳᠠᠭᠰᠠᠨ ᠥᠭᠡᠢ

  ᠪᠣᠷᠤ ᠳᠠᠯ᠎ᠠ ᠶᠢᠨ ᠭᠠᠰᠢᠭᠤᠨ ᠰᠠᠯᠭᠢ ᠰᠢᠭ

  ᠪᠣᠳᠤᠯ ᠳᠤ ᠴᠢᠨᠢ ᠰᠠᠪ ᠣᠷᠤᠭᠤᠯᠬᠤ ᠶᠢ ᠰᠠᠨᠠᠭ᠎ᠠ ᠥᠭᠡᠢ

  ᠴᠠᠢ᠌ᠯᠭᠠᠨ ᠰᠡᠳᠭᠢᠯ ᠢ ᠴᠢᠨᠢ ᠴᠠᠪᠳᠠᠭᠤᠯᠴᠢᠬᠠᠬᠤ ᠡᠴᠠ ᠠᠶᠤᠭᠰᠠᠨ

  ᠴᠢᠩᠭ᠋ᠠᠭᠠᠵᠤ ᠵᠠᠬ᠎ᠠ ᠳᠤ ᠪᠠᠨ ᠠᠪᠴᠢᠷᠠᠭᠠᠤᠨ

  ᠴᠠᠭ ᠮᠦᠴᠡ ᠦᠭᠡᠶ ᠳᠠᠭᠠᠯᠠᠵᠤ ᠪᠠᠢ᠌ᠶ᠎ᠠ ᠭᠡᠭᠦ ᠳ᠋ᠤ

  ᠬᠠᠯᠠᠭᠤᠨ ᠬᠠᠢ᠌ᠷ᠎ᠠ ᠶᠢ ᠴᠢᠨᠢ ᠭᠦᠷᠳᠡᠵᠤ ᠴᠢᠳᠠᠬᠤ ᠦᠭᠡᠶ ᠳᠤ ᠪᠠᠨ ᠬᠠᠷᠠᠮᠰᠠᠨ᠎ᠠ

  ᠬᠠᠮᠤᠭ ᠪᠦᠭᠦᠨ ᠢ ᠴᠢᠨᠢ ᠡᠳ᠋ᠯᠡᠭᠦ ᠪᠣᠶᠠᠨ ᠦᠭᠡᠶ ᠳᠤ ᠪᠠᠨ ᠭᠡᠮᠰᠢᠨ᠎ᠡ

  ᠲ᠋ᠠᠷᠠ ᠡᠳᠦᠷ ᠡᠴᠠ ᠪᠢ

  ᠴᠢᠨᠤ ᠨᠢᠭᠡᠨ ᠭᠡᠰᠡᠭ᠌ ᠴᠢᠨᠢ ᠪᠣᠯᠤᠶ᠎ᠠ ᠭᠡᠵᠤ

  ᠴᠢᠩ ᠰᠡᠳᠭᠢᠯ ᠶᠢᠡᠨ ᠵᠢᠷᠦᠭᠡᠨ ᠳᠤ ᠴᠢᠨᠢ ᠠᠷᠭᠠᠮᠵᠢᠶ᠎ᠠ ᠰᠠᠨᠠᠭᠰᠠᠨ

  ᠲ᠋ᠡᠭᠡᠭᠦ ᠳᠤ ᠴᠢᠨᠤ ᠨᠠᠢ᠌ᠷ ᠦᠭᠡᠶ ᠮᠥᠰᠢᠶᠡᠭ᠍ᠰᠡᠨ ᠴᠢᠷᠠᠢ ᠡᠴᠠ

  ᠨᠠᠮᠤᠷ ᠨᠠᠮᠤᠷ ᠤᠨ ᠣᠶᠠᠷᠠᠯᠳᠠᠢ ᠳᠦᠷᠰᠤ ᠨᠤᠭᠤᠳ ᠥᠵᠡᠭ᠍ᠳᠡᠭ᠍ᠰᠡᠨ ᠶᠤᠮ

  ᠲ᠋ᠡᠭᠦᠨ ᠢ ᠨᠢ ᠳᠠᠭᠠᠭᠠᠤᠨ ᠲᠦᠮᠡ ᠰᠥᠪᠠᠳᠦᠭ᠍ᠰᠡᠨ ᠰᠡᠳᠭᠢᠯ ᠡᠴᠠ

  ᠨᠠᠷᠠ ᠲᠡᠶ ᠵᠥᠭᠡᠯᠡᠨ ᠪᠣᠷᠤᠭ᠎ᠠ ᠡᠷᠭᠢᠨ ᠡᠷᠭᠢᠨ ᠰᠢᠪᠠᠷᠡᠭ᠍ᠰᠡᠨ ᠶᠤᠮ

  ᠪᠣᠯᠪᠠᠷᠠᠢ ᠳᠤᠷᠭᠠᠨ ᠳᠦᠷᠢ ᠶᠢ ᠴᠢᠨᠢ ᠳᠤᠭᠤᠭᠰᠠᠨ ᠨᠢ ᠦᠨᠡᠨ ᠴᠤ

  ᠪᠣᠷᠬᠠᠨ ᠡᠴᠠ ᠴᠠᠢ᠌ᠪᠣᠷ ᠰᠡᠳᠭᠢᠯ ᠪᠠᠢ᠌ᠭᠰᠠᠨ ᠳᠤ ᠴᠢᠨᠢ ᠰᠢᠤ

  ᠪᠣᠯᠵᠤᠭ᠎ᠠ ᠪᠠᠨ ᠮᠠᠷᠳᠠᠭ᠎ᠠ ᠦᠭᠡᠶ ᠪᠣᠯᠭᠤᠮᠵᠢᠳᠠᠢ᠌ᠬᠠᠨ ᠶᠠᠪᠣᠭᠰᠠᠨ ᠪᠣᠯ

  ᠭᠡᠷᠡᠯ ᠭᠡᠭᠡ ᠴᠤ ᠴᠢ ᠪᠢᠳᠠᠨ ᠳᠤ ᠣᠷᠤᠨ ᠵᠠᠢ ᠥᠯᠡᠳᠡᠭᠡᠭᠦ ᠪᠠᠢ᠌ᠭᠰᠠᠨ ᠳ᠋ᠠ

  ᠭᠡᠳᠡᠯ᠎ᠡ ᠴᠢ ᠮᠢᠨᠢ ᠡᠨᠡ ᠪᠦᠭᠦᠨ ᠢ ᠮᠡᠳᠡᠭᠦ ᠪᠣᠯᠤᠭᠰᠠᠨ ᠪᠣᠯ

  ᠦᠨᠦᠳᠤᠷ ᠤᠨ ᠣᠶᠠᠷᠠᠯᠳᠤ ᠵᠥᠴᠦᠭᠡ ᠶᠢ ᠳᠤᠭᠯᠠᠬᠤ ᠦᠭᠡᠶ ᠯᠠ ᠪᠠᠢ᠌ᠭᠰᠠᠨ

  ᠡᠶ᠎ᠡ ᠡᠪᠳᠡᠢ᠌ᠭᠡᠨ ᠡᠭᠦᠷᠢᠳᠡ ᠠᠮᠢᠳᠦᠷᠡᠬᠤ ᠪᠠᠢ᠌ᠭᠰᠠᠨ ᠳ᠋ᠠ

  ᠭᠡᠰᠡᠨ ᠴᠤ

  ᠡ᠊ᠨᠳᠡᠭᠦᠤ ᠬᠠᠢ᠌ᠷᠠᠯᠠᠭᠰᠠᠨ ᠴᠤ ᠳᠤᠷᠠᠳᠠᠢ

  ᠡᠷᠭᠢᠵᠤ ᠪᠣᠴᠠᠬᠤ ᠦᠭᠡᠶ ᠮᠥᠩᠭᠡ ᠶᠢᠨ ᠭᠦᠰᠢᠭᠡ


  

        2011᠂ 1᠂ 15 ᠊ᠤ ᠰᠦᠨᠢ

ᠵᠤᠬᠢᠶᠠᠭᠴᠢ᠄ ᠭᠦᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2011 ᠤᠨ ᠤ 01 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ