☆ ᠪᠣᠶᠠᠠᠰᠠᠴᠠᠨ
ᠮᠤᠤᠷ
ᠮᠤᠤᠷ ᠰᠠᠬᠠᠯ ᠲᠡᠶ ᠡᠳᠦᠷ ᠤᠳ ᠲᠤ ᠪᠠᠨ
ᠮᠤᠠᠳᠠᠭ ᠳᠠᠢ᠌ᠰᠤᠨ ᠶᠢᠡᠷ ᠶᠢᠡᠨ ᠰᠦᠷᠯᠡᠭᠦᠯᠵᠤ
ᠮᠤᠩᠭ᠋ᠤᠯ ᠠᠢ᠌ᠯ ᠤᠨ ᠬᠣᠢ᠌ᠮᠤᠷ ᠢ
ᠪᠣᠷᠬᠠᠨ ᠰᠢᠤ ᠳᠦᠭᠦᠷᠡᠩ ᠳᠠᠯᠪᠢᠷᠠᠭᠤᠯᠵᠤ
ᠮᠤᠬᠤᠷ ᠭᠤᠳᠤᠮᠵᠢᠨ ᠤ ᠵᠠᠶᠠᠭ᠎ᠠ ᠪᠠᠨ
ᠳᠡᠭ᠍ᠷᠢ ᠶᠢᠨ ᠴᠠᠭ ᠶᠢᠠᠷ ᠥᠮᠰᠢᠭᠦᠯᠵᠤ ᠵᠡᠭᠦᠳᠦᠯᠡᠨ᠎ᠡ
ᠬᠠᠶᠠ ᠬᠠᠮᠠᠷ ᠤᠨ ᠭᠢᠨᠢ ᠳᠠᠭᠤᠨ ᠳ᠋ᠤᠨᠢ
ᠬᠠᠭᠠᠯᠭ᠎ᠠ ᠱᠠᠷᠭᠢᠷᠠᠨ
ᠬᠠᠳᠠᠪᠴᠢᠨ ᠳᠤ ᠳᠡᠨᠡᠭᠡᠯᠵᠡᠭᠦ ᠵᠠᠶᠠᠭ᠎ᠠ
ᠬᠠᠷ᠎ᠠ ᠨᠤᠬᠠᠢ ᠳᠤ ᠡᠭᠦᠷᠢᠳᠦᠨᠡ
ᠭᠡᠵᠢᠶ᠎ᠡ ᠨᠢᠭᠡ ᠴᠠᠭ ᠮᠤᠤᠷ ᠰᠠᠬᠠᠯ ᠶᠢᠡᠨ ᠭᠡᠭᠡᠭ᠍ᠰᠡᠨ ᠰᠤᠨᠢᠨ ᠭᠠᠷᠤᠨ᠎ᠠ
ᠭᠡᠷᠡᠭ᠌ ᠲᠤ ᠳᠤᠷᠠᠳᠠᠢ ᠬᠤᠯᠤᠭᠠᠨ᠎ᠠ ᠬᠠᠮᠠᠷ ᠢ ᠨᠢ ᠢᠯᠢᠨ᠎ᠡ
ᠭᠡᠵᠢᠶ᠎ᠡ ᠴᠤ ᠳᠠᠢ᠌ᠪᠣᠩ ᠪᠣᠰᠤ ᠪᠠᠢ᠌ᠭᠰᠠᠨ ᠡᠳᠦᠷ ᠶᠢᠡᠨ ᠮᠠᠷᠳᠠᠵᠤ
ᠭᠡᠳᠡᠭᠡᠨᠡᠳᠡᠯᠡ ᠢᠨᠢᠶᠠᠨ᠎ᠡ
ᠮᠤᠤᠷ ᠰᠤᠴᠢᠨ᠎ᠠ
ᠮᠤᠳᠤᠨ ᠬᠠᠳᠠᠪᠴᠢᠨ ᠴᠠᠭᠠᠨ᠎ᠠ
ᠮᠤᠩᠭ᠋ᠤᠯ ᠨᠤᠬᠠᠢ ᠶᠢ ᠰᠤᠨᠢᠭᠤᠴᠢᠯᠠᠵᠤ
ᠮᠤᠬᠤᠭᠰᠠᠨ ᠪᠣᠳᠤᠯ ᠶᠢᠡᠷ
ᠬᠠᠷᠠᠩ ᠰᠤᠬᠤᠷ ᠶᠢᠡᠷ
ᠬᠠᠭᠠᠨ ᠤ ᠣᠷᠤ ᠵᠢ
ᠵᠡᠭᠦᠳᠦᠯᠡᠨ᠎ᠡ
ᠮᠤᠤᠷ ᠭᠡᠵᠤ ᠵᠡᠭᠦᠳᠤ ᠣᠯᠠᠨ ᠠᠮᠢᠳᠠᠨ ᠪᠠᠢ᠌ᠵᠤ ᠁
ᠵᠤᠬᠢᠶᠠᠭᠴᠢ ᠶᠢᠨ ᠬᠠᠶᠢᠭ ᠄ ᠣᠯᠠᠭᠠᠠᠬᠠᠳᠠ᠂ ᠣᠩᠨᠢᠭᠤᠳ
ᠵᠤᠬᠢᠶᠠᠭᠴᠢ᠄ ᠪᠣᠶᠠᠠᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ