ᠨᠡᠪᠲᠡᠷᠡᠨ ᠤᠷᠤᠬᠤ
ᠡᠵᠢ ᠳᠡᠭᠡᠨ ᠡᠷᠭᠦᠭᠦ ᠥᠭᠡ
᠊᠊᠊᠊᠊᠊᠊᠊᠊᠊᠊᠊᠊᠊᠊ ᠡᠵᠢ ᠶᠢᠨ ᠨᠠᠰᠤ ᠨᠥᠭ᠍ᠴᠢᠭ᠍ᠰᠡᠨ ᠬᠤᠷᠢᠨ ᠵᠢᠯ ᠤᠨ ᠤᠢ ᠳᠤ ᠳᠤᠷᠠᠰᠬᠠᠪᠠ

ᠬᠤᠷᠢᠨ ᠵᠢᠯ ᠡᠵᠢ ᠮᠢᠨᠢ

ᠬᠠᠮᠢᠭ᠎ᠠ ᠶᠠᠪᠣᠭᠠᠤᠨ ᠯᠠ ᠪᠠᠢ᠌ᠪᠠ ᠳ᠋ᠠ︖

ᠬᠤᠷᠤᠮᠣᠢ᠌ᠯᠠᠵᠤ ᠥᠰᠭᠡᠭ᠍ᠰᠡᠨ ᠥᠷ᠎ᠡ ᠴᠢᠨᠢ

ᠬᠠᠯᠠᠭᠤᠨ ᠵᠢᠷᠦᠭᠡᠨ ᠳᠡᠭᠡᠨ ᠡᠷᠢᠭ᠍ᠰᠡᠭᠡᠷ ᠰᠢᠤ᠃

ᠡᠵᠢ ᠡᠴᠡ ᠪᠠᠨ ᠥᠨᠦᠴᠢᠷᠡᠭ᠍ᠰᠡᠨ ᠬᠡᠦᠬᠡᠳ

ᠡᠷ᠎ᠡ ᠪᠣᠯᠬᠤ ᠭᠦᠴᠢᠷ ᠡ᠂

ᠡᠷᠢᠶᠡᠨ ᠬᠤᠷᠸ᠎ᠠ ᠶᠢᠨ ᠳᠤᠭᠤᠰᠤᠨ ᠳ᠋ᠤ

ᠡᠰᠡᠨᠢᠨ ᠶᠠᠪᠣᠬᠤ ᠭᠡᠴᠡᠭᠦᠤ ᠡ᠃

ᠠᠩᠭᠢᠷ ᠤᠭᠤᠷᠠᠭ ᠤᠨ ᠰᠢᠮ᠎ᠠ ᠪᠠᠷ ᠴᠢᠨᠢ

ᠠᠭᠤᠰᠭᠢ ᠵᠢᠷᠦᠭᠡ ᠮᠢᠨᠢ ᠴᠤᠭᠢᠯᠠᠵᠤ ᠪᠠᠢ᠌ᠨ᠎ᠠ᠂

ᠠᠮᠠᠳᠠᠵᠤ ᠵᠢᠭᠠᠭᠰᠠᠨ ᠰᠤᠷᠭᠠᠯ ᠶᠢᠡᠷ ᠴᠢᠨᠢ

ᠠᠵᠢᠯ ᠥᠢᠯᠡᠰ ᠮᠢᠨᠢ ᠳᠡᠭ᠍ᠵᠢᠷᠡᠵᠤ ᠪᠠᠢ᠌ᠨ᠎ᠠ᠃

ᠥᠯᠡᠳᠡᠭᠡᠨ ᠬᠠᠢ᠌ᠷᠠᠯᠠᠭᠰᠠᠨ ᠥᠷᠦᠮ᠎ᠡ ᠳᠤᠰᠤ ᠴᠢᠨᠢ

ᠥᠷᠦᠴᠡ ᠵᠢᠷᠦᠭᠡ ᠶᠢ ᠮᠢᠨᠢ ᠠᠮᠢᠯᠠᠭᠤᠯᠵᠤ ᠪᠠᠢ᠌ᠨ᠎ᠠ᠂

ᠥᠨᠦᠰᠦᠭᠡᠳ ᠭᠡᠯᠡᠭ᠍ᠰᠡᠨ ᠵᠢᠭᠠᠪᠣᠷᠢ ᠪᠠᠷ ᠴᠢᠨᠢ

ᠥᠭᠡᠳᠡᠯᠡᠭᠦ ᠠᠮᠢᠳᠤᠷᠠᠯ ᠮᠢᠨᠢ ᠴᠡᠴᠡᠭᠯᠡᠵᠤ ᠪᠠᠢ᠌ᠨ᠎ᠠ᠃

ᠪᠣᠷᠭᠠᠰᠤᠨ ᠳᠦᠯᠡᠭᠡ ᠡᠭᠦᠷᠦᠭ᠍ᠰᠡᠨ ᠴᠢᠨᠢ

ᠪᠣᠷᠤ ᠵᠢᠷᠦᠭᠡ ᠶᠢ ᠰᠢᠮᠰᠢᠷᠡᠭᠦᠯᠦᠭᠡᠳ ᠪᠠᠢ᠌ᠨ᠎ᠠ᠂

ᠪᠦᠰ ᠱᠠᠬᠠᠢ ᠤᠶ‍ᠤᠭᠰᠠᠨ ᠴᠢᠨᠢ

ᠪᠣᠳᠤᠯ ᠤᠨ ᠰᠢᠵᠢᠮ ᠢ ᠴᠠᠪᠬᠠᠭᠳᠠᠭᠠᠤᠨ ᠪᠠᠢ᠌ᠨ᠎ᠠ᠃

ᠠᠵᠢᠯᠴᠢ ᠪᠣᠷᠤᠭᠵᠢᠭᠤᠨ ᠤᠪᠦᠷ ᠢ ᠴᠢᠨᠢ

ᠠᠢ᠌ᠯ ᠰᠠᠬᠠᠯᠳᠠ ᠴᠢᠨᠢ ᠮᠠᠷᠳᠠᠭ᠎ᠠ ᠥᠭᠡᠢ᠂

ᠠᠰᠪᠣᠷᠢ ᠰᠢᠯᠤᠭᠤᠨ ᠠᠭᠠᠯᠢ ᠶᠢ ᠴᠢᠨᠢ

ᠠᠯᠢᠶ᠎ᠠ ᠥᠷᠡᠰ ᠴᠢᠨᠢ ᠤᠮᠡᠷᠳᠠᠭ᠎ᠠ ᠥᠭᠡᠢ᠃

ᠰᠢᠨ᠎ᠠ ᠶᠢᠨ ᠰᠠᠢ᠌ᠬᠠᠨ ᠢᠷᠦᠭᠡᠯ ᠴᠢᠨᠢ

ᠰᠢᠨᠡᠯᠡᠭᠦ ᠪᠦᠷᠢ ᠰᠤᠨᠤᠰᠳᠠᠭᠠᠤᠨ ᠪᠠᠢ᠌ᠨ᠎ᠠ᠂

ᠰᠢᠯᠢᠳᠡᠭ᠌ ᠪᠣᠯᠭᠠᠬᠤ ᠭᠦᠰᠡᠯ ᠴᠢᠨᠢ

ᠰᠢᠨ᠎ᠠ ᠥᠢᠯᠡᠰ ᠢ ᠬᠤᠷᠣᠢ᠌ᠯᠠᠭᠠᠤᠨ ᠪᠠᠢ᠌ᠨ᠎ᠠ᠃

ᠡᠷᠳᠡ ᠶ‍ᠪᠣᠴᠢᠬᠠᠯ᠎ᠠ ᠡᠵᠢ ᠨᠢ ᠭᠡᠵᠤ

ᠡᠯᠢᠭᠡᠨ ᠳᠡᠭᠡᠨ ᠪᠢᠳᠡᠭᠡᠢ ᠭᠤᠮᠤᠳᠤᠭᠠᠤᠨ ᠪᠠᠢ᠂

ᠡᠷᠢᠨ ᠵᠠᠭᠤᠨ ᠳᠤ ᠬᠡᠦᠬᠡᠳ ᠴᠢᠨᠢ

ᠢᠳᠡᠷᠭᠡᠭ᠌ ᠳᠤᠯᠭᠠᠭᠤᠷᠢ ᠪᠣᠯᠬᠤ ᠶᠤᠮ ᠡ︕


2001 ᠡᠳ ᠤ 8 ᠰᠠᠷ᠎ᠠ ᠳᠤ ᠪᠢᠴᠢᠪᠠ᠃

ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 4067
ᠴᠠᠭ᠄ 2009 ᠤᠨ ᠤ 04 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ