ᠨᠢᠭᠡᠯᠡ ᠠᠭᠤᠴᠢᠯᠠᠶ᠎ᠠ

ᠳᠠᠭᠤᠴᠢᠨ᠄ ᠪᠦᠬᠦ ᠤᠳᠤᠳ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 17797
ᠴᠠᠭ᠄ 2008 ᠤᠨ ᠤ 02 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠵᠢᠷᠭᠠᠯᠰᠠᠢᠬᠠᠨ᠂ ᠠᠷᠢᠭᠤᠨ᠎ᠠ ᠳᠠᠭᠤᠯᠠᠪᠠ)

 

ᠦᠷᠤ ᠵᠢᠷᠦᠭᠡᠨ ᠤ ᠰᠢᠷᠭᠢᠰᠢ ᠦᠭᠡᠶ ᠬᠠᠢ᠌ᠷ᠎ᠠ ᠪᠠᠨ ᠴᠢ

ᠥᠭᠡᠷ᠎ᠡ ᠭᠡᠨ ᠳᠤ ᠴᠤ ᠪᠢᠰᠢ ᠨᠠᠳᠠ ᠳᠠᠭᠠᠨ ᠯᠠ ᠦᠭ‍ᠭᠦᠭ᠍ᠰᠡᠨ ᠪᠣᠯᠬᠤᠷ

ᠪᠣᠷᠤᠭᠤ ᠪᠦᠭᠦᠨ ᠢ ᠴᠢᠨᠢ ᠪᠢ ᠬᠠᠢ᠌ᠷ᠎ᠠ ᠪᠠᠷ ᠶᠢᠡᠨ ᠠᠷᠠᠭᠠᠳᠠᠨ ᠠᠭᠤᠴᠢᠯᠠᠶ᠎ᠠ

ᠪᠣᠴᠠᠭᠠᠤᠨ ᠨᠠᠳᠠ ᠣᠷᠤᠭᠤ ᠪᠠᠨ ᠡᠭ᠍ᠴᠡᠯᠡᠨ ᠬᠠᠷᠠᠭᠠᠴᠢ

ᠦᠷᠦᠭᠡᠯ ᠤᠨ ᠡᠪᠦᠷ ᠲᠤ ᠥᠩᠭᠡᠷᠡᠭᠦᠯᠦᠭ᠍ᠰᠡᠨ ᠵᠢᠷᠭᠠᠯ ᠢ ᠴᠢᠨᠢ ᠪᠢ ᠠᠭᠤᠴᠢᠯᠠᠶ᠎ᠠ

ᠦᠨᠡᠠᠴᠢ ᠰᠡᠳᠭᠢᠯ ᠶᠢᠡᠨ ᠨᠠᠳᠠ ᠳᠠᠭᠠᠨ ᠨᠡᠭᠡᠭᠡᠴᠢ

 

ᠴᠡᠩᠭᠡᠯ ᠳᠤ ᠭᠦᠯᠴᠦᠭᠦᠷᠡᠵᠤ ᠵᠢᠷᠭᠠᠯ ᠳᠤ ᠳᠠᠰᠢᠶᠠᠷᠠᠵᠤ ᠶᠠᠪᠣᠬᠤ ᠳᠤ ᠮᠢᠨᠢ

ᠴᠡᠭᠡᠵᠢᠨ ᠤ ᠭᠦᠨ ᠳᠤ ᠴᠢ ᠨᠠᠳᠠ ᠲᠡᠶ ᠪᠠᠢ᠌ᠭᠰᠠᠨ

ᠪᠣᠷᠤᠭᠤ ᠪᠦᠭᠦᠨ ᠤ ᠰᠡᠭᠦᠳᠡᠷ ᠲᠤ ᠠᠯᠳᠠᠷᠠᠵᠤ ᠶᠠᠪᠣᠬᠤ ᠳᠠᠭᠠᠨ

ᠪᠣᠯᠭᠢᠯᠠᠬᠤ ᠵᠢᠷᠦᠭᠡ ᠴᠢᠮᠢ᠋ᠢ ᠯᠠ ᠭᠡᠵᠤ ᠴᠤᠭᠢᠯᠠᠭᠰᠠᠨ

ᠴᠢᠨᠤ ᠬᠠᠷᠠᠴᠠᠨ ᠳᠤ ᠪᠢ ᠳᠠᠯᠳᠢᠷᠠᠨ ᠰᠠᠭᠤᠬᠤ ᠳᠠᠭᠠᠨ

ᠴᠢᠩ ᠬᠠᠢ᠌ᠷ᠎ᠠ ᠶᠢ ᠴᠢᠨᠢ ᠪᠢ ᠣᠯᠵᠤ ᠮᠡᠳᠡᠷᠡᠭ᠍ᠰᠡᠨ

 

ᠪᠣᠯᠭᠢᠯᠠᠬᠤ ᠵᠢᠷᠦᠭᠡᠨ ᠤ ᠪᠠᠨ ᠭᠡᠭᠡᠨ ᠬᠠᠢ᠌ᠷ᠎ᠠ ᠪᠠᠨ ᠴᠢ

ᠪᠣᠷᠬᠠᠨ ᠳᠤ ᠴᠤ ᠪᠢᠰᠢ ᠨᠠᠳᠠ ᠳᠠᠭᠠᠨ ᠯᠠ ᠦᠭ‍ᠭᠦᠭ᠍ᠰᠡᠨ ᠪᠣᠯᠬᠤᠷ

ᠪᠦᠳᠦᠷᠢᠴᠤ ᠶᠠᠪᠣᠭᠰᠠᠨ ᠡᠳᠦᠷ ᠤᠳ ᠢ ᠴᠢᠨᠢ ᠪᠢ ᠠᠭᠤᠴᠢᠯᠠᠶ᠎ᠠ

ᠵᠢᠷᠦᠭᠡᠨ ᠤ ᠬᠠᠢ᠌ᠷ᠎ᠠ ᠪᠠᠨ ᠴᠢᠮ᠎ᠠ ᠳᠠᠭᠠᠨ ᠵᠤᠷᠢᠭᠤᠯᠤᠶ᠎ᠠ

ᠪᠦᠯᠢᠶᠡᠨ ᠵᠢᠷᠦᠭᠡᠨ ᠤ ᠴᠤᠭᠢᠯᠳᠠ ᠶᠢᠨ ᠳᠤᠭ᠎ᠠ ᠪᠠᠷ ᠪᠢ ᠬᠠᠢ᠌ᠷᠠᠯᠠᠶ᠎ᠠ

ᠰᠡᠳᠭᠢᠯ ᠤᠨ ᠬᠠᠢ᠌ᠷ᠎ᠠ ᠪᠠᠨ ᠴᠢᠮ᠎ᠠ ᠳᠠᠭᠠᠨ ᠵᠤᠷᠢᠭᠤᠯᠤᠶ᠎ᠠ

 

ᠢᠳᠡᠭᠡᠯ ᠳᠦᠭᠦᠷᠡᠩ ᠠᠷᠢᠭᠤᠬᠠᠨ ᠬᠠᠢ᠌ᠷ᠎ᠠ ᠶᠢ ᠴᠢᠨᠢ

ᠰᠡᠳᠭᠢᠯ ᠳᠡᠭᠡᠨ ᠰᠢᠩᠭᠡᠭᠡᠨ ᠴᠢᠮᠢ᠋ᠢ ᠪᠠᠨ ᠪᠢ ᠮᠡᠳᠡᠷᠡᠭ᠍ᠰᠡᠨ

ᠡᠷᠭᠢᠵᠤ ᠣᠯᠳᠠᠰᠢ ᠦᠭᠡᠶ ᠠᠮᠢᠳᠤᠷᠠᠯ ᠤᠨ ᠡᠨᠡᠭᠡᠨ ᠠᠵᠠ ᠵᠢᠷᠭᠠᠯ ᠳᠠᠭᠠᠨ

ᠡᠯᠡᠭᠡᠵᠤ ᠳᠤᠭᠤᠯᠠᠬᠤ ᠣᠨ ᠵᠢᠯ ᠤᠳ ᠢ ᠠᠮᠠᠯᠠᠶ᠎ᠠ

ᠬᠠᠮᠢᠭ᠎ᠠ ᠡᠴᠡ ᠴᠤ ᠣᠯᠤᠯ ᠦᠭᠡᠶ ᠠᠮᠢᠳᠤᠷᠠᠯ ᠤᠨ ᠡᠨᠡᠭᠡᠨ ᠠᠵᠠ ᠵᠢᠷᠭᠠᠯ ᠲᠡᠶ ᠳᠤ

ᠬᠠᠮᠳᠤᠳᠠ ᠳᠠᠭᠤᠯᠠᠬᠤ ᠣᠨ ᠵᠢᠯ ᠤᠳ ᠢ ᠠᠮᠠᠯᠠᠶ᠎ᠠ

 

ᠵᠦᠪ ᠪᠣᠷᠤᠭᠤ ᠠᠮᠢᠳᠤᠷᠠᠯ ᠤᠨ ᠡᠨᠡᠭᠡᠨ ᠨᠤᠭᠤᠴᠠᠭᠠᠨ ᠳᠤᠮᠳᠠ

ᠨᠦᠮᠦᠷᠢ ᠶᠢ ᠴᠢᠨᠢ ᠪᠢ ᠳᠠᠩᠳᠠ ᠥᠭᠡᠢ᠌ᠯᠡᠳᠡᠭ᠌ ᠰᠠᠨ

ᠵᠦᠷᠭᠢᠰᠢ ᠦᠭᠡᠶ ᠬᠠᠢ᠌ᠷ᠎ᠠ ᠶᠢᠨ ᠴᠢᠨᠢ ᠦᠨᠡᠨ ᠢ ᠪᠢ

ᠵᠦᠩ ᠰᠤᠪᠢᠩ ᠶᠢᠡᠷ ᠶᠢᠡᠨ ᠮᠡᠳᠡᠷᠡᠭ᠍ᠰᠡᠨ

ᠬᠠᠭᠠᠴᠠᠰᠢ ᠦᠭᠡᠶ ᠬᠠᠢ᠌ᠷ᠎ᠠ ᠶᠢᠨ ᠴᠢᠨᠢ ᠦᠨᠡᠨ ᠢ ᠪᠢ

ᠬᠠᠢ᠌ᠷ᠎ᠠ ᠶᠢᠨ ᠶᠢᠡᠨ ᠭᠦᠴᠤ ᠪᠠᠷ ᠮᠡᠳᠡᠷᠡᠭ᠍ᠰᠡᠨ

 

ᠪᠣᠯᠭᠢᠯᠠᠬᠤ ᠵᠢᠷᠦᠭᠡᠨ ᠤ ᠪᠠᠨ ᠭᠡᠭᠡᠨ ᠬᠠᠢ᠌ᠷ᠎ᠠ ᠪᠠᠨ ᠴᠢ

ᠪᠣᠷᠬᠠᠨ ᠳᠤ ᠴᠤ ᠪᠢᠰᠢ ᠨᠠᠳᠠ ᠳᠠᠭᠠᠨ ᠯᠠ ᠦᠭ‍ᠭᠦᠭ᠍ᠰᠡᠨ ᠪᠣᠯᠬᠤᠷ

ᠵᠥᠭᠡᠯᠡᠨ ᠬᠠᠳᠠᠭᠤ ᠵᠢᠮᠠᠯᠠᠯ ᠪᠦᠭᠦᠨ ᠢ ᠴᠢᠨᠢ ᠣᠬᠠᠭᠠᠷᠠᠵᠤ

ᠵᠢᠷᠦᠭᠡᠨ ᠤ ᠬᠠᠢ᠌ᠷ᠎ᠠ ᠪᠠᠨ ᠴᠢᠮ᠎ᠠ ᠳᠠᠭᠠᠨ ᠵᠤᠷᠢᠭᠤᠯᠤᠶ᠎ᠠ

ᠪᠦᠯᠢᠶᠡᠨ ᠵᠢᠷᠦᠭᠡᠨ ᠤ ᠴᠤᠭᠢᠯᠳᠠ ᠶᠢᠨ ᠳᠤᠭ᠎ᠠ ᠪᠠᠷ ᠪᠢ ᠬᠠᠢ᠌ᠷᠠᠯᠠᠶ᠎ᠠ

ᠰᠡᠳᠭᠢᠯ ᠤᠨ ᠬᠠᠢ᠌ᠷ᠎ᠠ ᠪᠠᠨ ᠴᠢᠮ᠎ᠠ ᠳᠠᠭᠠᠨ ᠵᠤᠷᠢᠭᠤᠯᠤᠶ᠎ᠠ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ