ᠪᠠᠯᠵᠢᠨᠢᠮ᠎ᠠ ᠵᠠᠨ᠎ᠠ

ᠳᠠᠭᠤᠴᠢᠨ᠄ ᠴᠦᠨ ᠯᠢᠶᠠᠩ
ᠴᠤᠮᠤᠭ ᠤᠨ ᠬᠠᠷᠢᠶ᠎ᠠ᠄ ᠭᠤᠤ ᠰᠢᠶᠤᠤ ᠵᠢᠶᠧ
ᠤᠷᠠᠯᠢᠭ ᠤᠨ ᠬᠤᠪᠢᠶᠠᠷᠢ᠄ ᠠᠷᠠᠳ ᠤᠨ ᠳᠠᠭᠤᠤ
ᠢᠷᠡᠯᠲᠡ᠄ ᠴᠦᠨ ᠯᠢᠶᠠᠩ ᠬᠠᠩᠭᠠᠪᠠ
ᠳᠠᠷᠤᠮ᠄ 10130
ᠴᠠᠭ᠄ 2011 ᠤᠨ ᠤ 06 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ

ᠠᠩᠬᠠᠨ ᠡᠴᠡ ᠪᠠᠨ ᠠᠪᠣᠭᠠᠤᠨ

ᠠᠯᠳᠠᠷ ᠨᠠᠷ᠎ᠠ ᠲᠡᠶ ᠭᠤᠷᠭᠤᠤᠯᠳᠠᠢ ᠭᠦᠢ

ᠠᠯᠳᠠᠨ ᠵᠢᠭᠦᠷᠳᠤ ᠭᠠᠷᠤᠳᠢ ᠰᠢᠪᠠᠭᠤᠨ ᠤ

ᠳᠤᠩᠭ᠋ᠤᠳᠤᠭᠰᠠᠨ ᠭᠠᠵᠠᠷ ᠡ ᠭᠦᠢ

ᠠᠯᠳᠠᠨ ᠭᠠᠷᠤᠳᠢ ᠶᠢᠨ ᠳᠤᠩᠭ᠋ᠤᠳᠤᠭᠰᠠᠨ

ᠹᠧᠩᠱᠦᠢ ᠶᠢ ᠨᠢ ᠳᠠᠷᠤᠬᠤ ᠭᠡᠳ ᠡᠨ ᠬᠨ ᠭᠦᠢ

ᠠᠷᠪᠠᠨ ᠦᠶᠡᠳᠤ ᠠᠯᠳᠠᠨ ᠰᠤᠪᠣᠷᠭ᠎ᠠ ᠶᠢ

ᠱᠤᠩᠬᠤᠷ ᠤᠨ ᠠᠭᠤᠯᠠᠨ ᠳᠤ ᠪᠣᠰᠬᠠᠵᠠᠢ ᠭᠦᠢ

 

ᠡᠷᠳᠡᠨ ᠡᠴᠡ ᠪᠠᠨ ᠠᠪᠣᠭᠠᠤᠨ

ᠦᠨᠡᠨ ᠨᠠᠷ᠎ᠠ ᠲᠡᠶ ᠭᠤᠷᠭᠤᠤᠯᠳᠠᠢ ᠭᠦᠢ

ᠡᠷᠳᠡᠨᠢ ᠶᠢᠨ ᠵᠢᠭᠦᠷᠳᠤ ᠭᠠᠷᠤᠳᠢ ᠰᠢᠪᠠᠭᠤᠨ ᠤ

ᠳᠤᠩᠭ᠋ᠤᠳᠤᠭᠰᠠᠨ ᠭᠠᠵᠠᠷ ᠡ ᠭᠦᠢ

ᠡᠷᠳᠡᠨᠢ ᠭᠠᠷᠤᠳᠢ ᠶᠢᠨ ᠳᠤᠩᠭ᠋ᠤᠳᠤᠭᠰᠠᠨ

ᠹᠧᠩᠱᠦᠢ ᠶᠢ ᠨᠢ ᠳᠠᠷᠤᠬᠤ ᠭᠡᠳ ᠡᠨ ᠬᠨ ᠭᠦᠢ

ᠶ‍ᠢᠰᠤᠨ ᠦᠶᠡᠳᠤ ᠡᠷᠳᠡᠨᠢ ᠶᠢᠨ ᠰᠤᠪᠣᠷᠭ᠎ᠠ ᠶᠢ

ᠱᠤᠩᠬᠤᠷ ᠤᠨ ᠠᠭᠤᠯᠠᠨ ᠳᠤ ᠪᠣᠰᠬᠠᠵᠠᠢ ᠭᠦᠢ

 

ᠪᠠᠯᠵᠢᠨᠢᠮ᠎ᠠ ᠭᠡᠳᠡᠭ᠌ ᠴᠢᠨᠢ

ᠪᠠᠭᠠᠳᠤᠷ ᠳᠦᠷᠦᠭ᠍ᠰᠡᠨ ᠰᠠᠢ᠌ᠨ ᠡᠷ᠎ᠡ ᠭᠦᠢ

ᠪᠠᠭᠡᠵᠢᠩ ᠵᠠᠭᠢᠷᠭᠠᠨ ᠲᠡᠶ ᠬᠠᠯᠳᠠᠭᠰᠠᠭᠠᠷ ᠪᠠᠢ᠌ᠭᠠᠤᠨ

ᠪᠣᠯᠬᠤ ᠦᠭᠡᠶ ᠮᠠᠭᠤ ᠨᠠᠷ᠎ᠠ ᠲᠡᠶ ᠪᠣᠯᠤᠯ᠎ᠠ ᠰᠢᠤ ᠭᠦᠢ

ᠪᠠᠭᠡᠵᠢᠩ ᠵᠠᠭᠢᠷᠭᠠᠨ ᠶᠠᠮᠤᠨ ᠳᠤ ᠪᠠᠨ

ᠪᠣᠯᠬᠤ ᠦᠭᠡᠶ ᠨᠠᠷ᠎ᠠ ᠲᠡᠶ ᠪᠣᠯᠪᠠᠴᠤ ᠡᠨ ᠬᠨ ᠭᠦᠢ

ᠪᠦᠸᠧ ᠸᠠᠩ ᠬᠤᠰᠢᠭᠤᠨ ᠤ ᠮᠤᠩᠭ᠋ᠤᠯᠴᠤᠳ ᠶᠢᠡᠨ

ᠵᠤᠪᠠᠭᠠᠭᠰᠠᠨ ᠭᠠᠵᠠᠷ ᠭᠡᠵᠤ ᠪᠠᠢ᠌ᠨ᠎ᠠ ᠦᠦ ᠳ᠋ᠠ ᠭᠦᠢ

 

ᠵᠠᠨ᠎ᠠ ᠭᠡᠳᠡᠭ᠌ ᠴᠢᠨᠢ ᠵᠠᠭᠤᠢ ᠳᠦᠷᠦᠭ᠍ᠰᠡᠨ ᠰᠠᠢ᠌ᠨ ᠡᠷ᠎ᠡ ᠭᠦᠢ

ᠵᠠᠰᠠᠭ ᠵᠠᠭᠢᠷᠭᠠᠨ ᠲᠡᠶ ᠬᠠᠯᠳᠠᠭᠰᠠᠭᠠᠷ ᠪᠠᠢ᠌ᠭᠠᠤᠨ

ᠵᠠᠯᠢᠬᠠᠢ ᠮᠠᠭᠤ ᠨᠠᠷ᠎ᠠ ᠲᠡᠶ ᠪᠣᠯᠤᠯ᠎ᠠ ᠰᠢᠤ ᠭᠦᠢ

ᠵᠠᠰᠠᠭ ᠵᠠᠭᠢᠷᠭᠠᠨ ᠶᠠᠮᠤᠨ ᠳᠤ ᠪᠠᠨ

ᠵᠠᠯᠢᠬᠠᠢ ᠮᠠᠭᠤ ᠨᠠᠷ᠎ᠠ ᠲᠡᠶ ᠪᠣᠯᠪᠠᠴᠤ ᠡᠨ ᠬᠨ ᠭᠦᠢ

ᠵᠠᠬ᠎ᠠ ᠶᠢᠨ ᠣᠯᠠᠨ ᠮᠤᠩᠭ᠋ᠤᠯᠴᠤᠳ ᠶᠢᠡᠨ

ᠵᠤᠪᠠᠭᠠᠭᠰᠠᠨ ᠭᠠᠵᠠᠷ ᠭᠡᠵᠤ ᠪᠠᠢ᠌ᠨ᠎ᠠ ᠦᠦ ᠳ᠋ᠠ ᠭᠦᠢ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ