ᠴᠠᠰᠤᠨ ᠳᠡᠭᠡᠷ᠎ᠡ
ᠴᠢᠨᠤ ᠡᠵᠡᠭᠦᠢ ᠰᠦᠨᠢ ᠶᠢᠨ ᠤᠢ᠌ᠳᠬᠠᠷᠳᠤ ᠰᠠᠷᠠᠨ ᠳᠤᠤᠷ᠎ᠠ
ᠨᠢᠯᠪᠣᠰᠤ ᠠᠳᠠᠯᠢ ᠪᠣᠳᠠᠷᠠᠬᠤ ᠠᠩᠬᠠᠨ ᠤ ᠴᠠᠰᠤᠨ ᠰᠢᠷᠭᠡᠭ᠌
ᠴᠢᠨᠤ ᠢᠷᠡᠭ᠍ᠰᠡᠨ ᠡᠪᠦᠯ ᠤᠨ ᠳᠤᠷᠠᠰᠤᠮᠵᠢ ᠪᠦᠭᠦᠨ ᠤ ᠴᠠᠭᠠᠨ᠎ᠠ
ᠨᠢᠭᠤᠴᠠ ᠠᠳᠠᠯᠢ ᠬᠠᠶᠠᠯᠬᠤ ᠴᠢᠮᠡᠭᠡ ᠦᠭᠡᠶ ᠴᠠᠰᠤ ᠡ
ᠴᠠᠰᠤᠨ ᠳᠡᠭᠡᠷ᠎ᠡ ᠴᠢᠨᠤ ᠨᠠᠷᠠ ᠶᠢ ᠪᠢᠴᠢᠨ᠎ᠠ
ᠴᠠᠰᠤᠨ ᠳᠡᠭᠡᠷ᠎ᠡ ᠮᠢᠨᠤ ᠨᠠᠷᠠ ᠶᠢ ᠪᠢᠴᠢᠭᠡᠴᠢ
ᠬᠠᠯᠠᠭᠤᠨ ᠨᠠᠷᠠ ᠭᠡᠴᠢᠨᠡᠨ ᠴᠤ ᠳᠦᠭᠡᠨᠡᠪᠠᠴᠤ
ᠬᠠᠢ᠌ᠷ᠎ᠠ ᠶᠢᠨ ᠴᠠᠰᠤ ᠮᠢᠨᠢ ᠭᠡᠵᠢᠶ᠎ᠡ ᠴᠤ ᠬᠠᠢ᠌ᠯᠬᠤ ᠥᠭᠡᠢ
ᠴᠢᠮᠢ᠋ᠢ ᠭᠤᠮᠤᠳᠠᠭᠠᠭᠰᠠᠨ ᠦᠳᠡᠰᠢ ᠶᠢᠨ ᠪᠦᠳᠡᠭᠢᠷ ᠰᠠᠷᠠᠨ ᠳᠤᠤᠷ᠎ᠠ
ᠴᠢᠮᠢ᠋ᠢ ᠳᠡᠪᠠᠷᠢᠭ᠍ᠰᠡᠨ ᠡᠪᠦᠯ ᠤᠨ ᠳᠠᠷᠠ ᠠᠭᠤᠴᠢᠯᠠᠯ
ᠠᠷᠭᠠᠳᠠᠬᠤ ᠠᠳᠠᠯᠢ ᠮᠠᠯᠠᠭᠠᠢ᠌ᠳᠠᠬᠤ ᠵᠥᠭᠡᠯᠡᠨ ᠴᠠᠰᠤ
ᠴᠡᠩᠭᠡᠯ ᠠᠳᠠᠯᠢ ᠰᠠᠭᠠᠳᠠᠬᠤ ᠴᠠᠭᠠᠬᠠᠨ ᠴᠠᠰᠤ
ᠴᠠᠰᠤᠨ ᠳᠡᠭᠡᠷ᠎ᠡ ᠴᠢᠨᠤ ᠨᠠᠷᠠ ᠶᠢ ᠪᠢᠴᠢᠨ᠎ᠠ
ᠴᠠᠰᠤᠨ ᠳᠡᠭᠡᠷ᠎ᠡ ᠮᠢᠨᠤ ᠨᠠᠷᠠ ᠶᠢ ᠪᠢᠴᠢᠭᠡᠴᠢ
ᠬᠠᠯᠠᠭᠤᠨ ᠨᠠᠷᠠ ᠭᠡᠴᠢᠨᠡᠨ ᠴᠤ ᠳᠦᠭᠡᠨᠡᠪᠠᠴᠤ
ᠬᠠᠢ᠌ᠷ᠎ᠠ ᠶᠢᠨ ᠴᠠᠰᠤ ᠮᠢᠨᠢ ᠭᠡᠵᠢᠶ᠎ᠡ ᠴᠤ ᠬᠠᠢ᠌ᠯᠬᠤ ᠥᠭᠡᠢ
ᠳᠠᠢ᠌ᠮᠤ ᠡ
ᠴᠢᠮᠢ᠋ᠢ ᠪᠠᠨ ᠪᠢ ᠮᠠᠰᠢ ᠶᠡᠭᠡ ᠰᠠᠨᠠᠵᠤ ᠪᠠᠢ᠌ᠨ᠎ᠠ
ᠴᠢᠮᠠᠳᠠᠭᠠᠨ ᠪᠢ ᠣᠴᠢᠵᠤ ᠶᠠᠪᠣᠨ᠎ᠠ
ᠭᠦᠯᠢᠶᠡᠭᠡᠷᠡᠢ ᠬᠠᠢ᠌ᠷᠠᠳᠤ ᠮᠢᠨᠢ᠂ ᠬᠠᠢ᠌ᠷᠠᠳᠤ ᠮᠢᠨᠢ᠂ ᠬᠠᠢ᠌ᠷᠠᠳᠤ ᠮᠢᠨᠢ
ᠴᠢᠮ᠎ᠠ ᠲᠡᠶ ᠳᠠᠰᠤᠭᠰᠠᠨ ᠰᠢᠨ᠎ᠠ ᠵᠢᠯ ᠤᠨ ᠪᠠᠶᠠᠷ ᠭᠠᠢ᠌ᠬᠠᠮᠰᠢᠭᠳᠤ ᠰᠦᠨᠢ
ᠴᠢᠮ᠎ᠠ ᠡᠴᠡ ᠣᠶᠠᠩᠭ᠋ᠠᠯᠠᠬᠤ ᠬᠠᠢ᠌ᠷ᠎ᠠ ᠶᠢᠨ ᠰᠢᠪᠠᠨᠡᠭᠡ ᠪᠢᠳᠠᠨ ᠳᠤ ᠰᠢᠩᠭᠡᠵᠤ
ᠴᠢᠮᠠᠨ ᠭᠡᠷᠡᠯ ᠶᠢᠡᠷ ᠠᠨᠢᠪᠴᠢᠬᠤ ᠬᠤᠳᠠ ᠶᠢᠨ ᠳᠠᠷᠠ ᠭᠤᠳᠤᠮᠵᠢ
ᠵᠤᠯᠠ ᠰᠠᠷᠠᠨ ᠤ ᠳᠤᠶᠠᠭ᠎ᠠ ᠪᠠᠷ ᠶᠢᠡᠨ ᠴᠢᠮ᠎ᠠ ᠲᠡᠶ ᠪᠠᠨ ᠠᠰᠠᠭᠰᠠᠨ
ᠴᠠᠰᠤᠨ ᠳᠡᠭᠡᠷ᠎ᠡ ᠴᠢᠨᠤ ᠨᠠᠷᠠ ᠶᠢ ᠪᠢᠴᠢᠨ᠎ᠠ
ᠴᠠᠰᠤᠨ ᠳᠡᠭᠡᠷ᠎ᠡ ᠮᠢᠨᠤ ᠨᠠᠷᠠ ᠶᠢ ᠪᠢᠴᠢᠭᠡᠴᠢ
ᠬᠠᠯᠠᠭᠤᠨ ᠨᠠᠷᠠ ᠭᠡᠴᠢᠨᠡᠨ ᠴᠤ ᠳᠦᠭᠡᠨᠡᠪᠠᠴᠤ
ᠬᠠᠢ᠌ᠷ᠎ᠠ ᠶᠢᠨ ᠴᠠᠰᠤ ᠮᠢᠨᠢ ᠭᠡᠵᠢᠶ᠎ᠡ ᠴᠤ ᠬᠠᠢ᠌ᠯᠠᠬᠤ ᠥᠭᠡᠢ
ᠴᠠᠰᠤᠨ ᠳᠡᠭᠡᠷ᠎ᠡ ᠴᠢᠨᠤ ᠨᠠᠷᠠ ᠶᠢ ᠪᠢᠴᠢᠨ᠎ᠠ
ᠴᠠᠰᠤᠨ ᠳᠡᠭᠡᠷ᠎ᠡ ᠮᠢᠨᠤ ᠨᠠᠷᠠ ᠶᠢ ᠪᠢᠴᠢᠭᠡᠴᠢ
ᠬᠠᠯᠠᠭᠤᠨ ᠨᠠᠷᠠ ᠭᠡᠴᠢᠨᠡᠨ ᠴᠤ ᠳᠦᠭᠡᠨᠡᠪᠠᠴᠤ
ᠬᠠᠢ᠌ᠷ᠎ᠠ ᠶᠢᠨ ᠴᠠᠰᠤ ᠮᠢᠨᠢ ᠭᠡᠵᠢᠶ᠎ᠡ ᠴᠤ ᠬᠠᠢ᠌ᠯᠠᠬᠤ ᠥᠭᠡᠢ