ᠪᠠᠭᠠᠲᠤᠷ ᠵᠢᠷᠭᠠᠯ

ᠳᠠᠭᠤᠴᠢᠨ᠄ ᠴᠢ᠊ · ᠪᠤᠯᠠᠭ
ᠦᠭᠡ᠄ ᠴᠢ᠊·ᠪᠤᠯᠠᠭ
ᠠᠶ᠎ᠠ᠄ ᠴᠢ᠊·ᠪᠤᠯᠠᠭ
ᠴᠤᠮᠤᠭ ᠤᠨ ᠬᠠᠷᠢᠶ᠎ᠠ᠄ ᠮᠠᠷᠲᠠᠭ᠎ᠠ ᠦᠭᠡᠢ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠴᠢ᠊·ᠪᠤᠯᠠᠭ ᠪᠠᠭᠰᠢ ᠬᠠᠩᠭᠠᠪᠠ
ᠳᠠᠷᠤᠮ᠄ 9681
ᠴᠠᠭ᠄ 2011 ᠤᠨ ᠤ 09 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ

ᠮᠠᠩᠬᠠᠨ ᠤ ᠣᠷᠤᠢ ᠶᠢ ᠭᠡᠷᠡᠯᠳᠦᠭᠦᠯᠦᠭᠡᠳ ᠢᠷᠡᠳᠡᠭ᠌ ᠨᠢ ᠨᠠᠷᠠᠨ ᠤ ᠪᠠᠨ ᠭᠡᠷᠡᠯ ᠦᠦ ᠭᠦ

ᠮᠠᠨ ᠤ ᠴᠤ ᠣᠯᠠᠨ ᠤ ᠪᠠᠨ ᠲᠦᠯᠦᠭᠡ ᠭᠡᠳᠡᠭ᠌ ᠨᠢ ᠪᠠᠭᠠᠳᠤᠷ ᠵᠢᠷᠭᠠᠯ ᠭᠦ

ᠬᠠᠳᠠᠨ ᠤ ᠪᠠᠨ ᠣᠷᠤᠢ ᠶᠢ ᠭᠡᠢ᠌ᠭᠦᠯᠦᠭᠡᠳ ᠢᠷᠡᠳᠡᠭ᠌ ᠨᠢ ᠨᠠᠷᠠᠨ ᠤ ᠪᠠᠨ ᠭᠡᠷᠡᠯ ᠦᠦ ᠭᠦ

ᠬᠠᠮᠤᠭ ᠴᠤ ᠣᠯᠠᠨ ᠤ ᠪᠠᠨ ᠲᠦᠯᠦᠭᠡ ᠭᠡᠳᠡᠭ᠌ ᠨᠢ ᠪᠠᠭᠠᠳᠤᠷ ᠵᠢᠷᠭᠠᠯ ᠭᠦ

 

ᠨᠠᠷᠠᠰᠤ ᠨᠠᠷᠠᠰᠤ ᠭᠡᠳᠡᠭ᠌ ᠴᠢᠨᠢ ᠮᠤᠳᠤᠨ ᠤ ᠪᠠᠨ ᠨᠠᠷ᠎ᠠ ᠦᠦ ᠳ᠋ᠠ ᠭᠦ

ᠨᠠᠴᠢᠨ ᠱᠤᠩᠬᠤᠷ ᠮᠠᠳᠤ ᠶᠠᠪᠣᠳᠠᠭ ᠨᠢ ᠪᠠᠭᠠᠳᠤᠷ ᠵᠢᠷᠭᠠᠯ ᠭᠦ

ᠬᠠᠢ᠌ᠯᠠᠰᠤ ᠬᠠᠢ᠌ᠯᠠᠰᠤ ᠭᠡᠳᠡᠭ᠌ ᠴᠢᠨᠢ ᠮᠤᠳᠤᠨ ᠤ ᠪᠠᠨ ᠨᠠᠷ᠎ᠠ ᠦᠦ ᠳ᠋ᠠ ᠭᠦ

ᠬᠠᠷᠴᠠᠭᠠᠢ ᠰᠢᠪᠠᠭᠤ ᠮᠠᠳᠤ ᠶᠠᠪᠣᠳᠠᠭ ᠨᠢ ᠪᠠᠭᠠᠳᠤᠷ ᠵᠢᠷᠭᠠᠯ ᠭᠦ

 

ᠭᠠᠩ ᠭᠠᠩ ᠭᠡᠳᠡᠭ᠌ ᠴᠢᠨᠢ ᠳᠠᠮᠤᠷ ᠤᠨ ᠶᠢᠡᠨ ᠬᠠᠭᠠᠨ ᠦᠦ ᠳ᠋ᠠ ᠭᠦ

ᠭᠠᠩ ᠪᠣᠯᠤᠳ ᠡᠴᠡ ᠬᠠᠳᠠᠭᠤ ᠪᠠᠢ᠌ᠳᠠᠭ ᠨᠢ ᠪᠠᠭᠠᠳᠤᠷ ᠵᠢᠷᠭᠠᠯ ᠭᠦ

ᠠᠯᠮᠠᠰ ᠠᠯᠮᠠᠰ ᠭᠡᠳᠡᠭ᠌ ᠴᠨᠢ ᠬᠠᠳᠠᠭᠤ ᠶᠢᠨ ᠶᠢᠡᠨ ᠬᠠᠭᠠᠨ ᠦᠦ ᠳ᠋ᠠ ᠭᠦ

ᠠᠯᠮᠠᠰ ᠪᠣᠯᠤᠳ ᠡᠴᠡ ᠬᠠᠳᠠᠭᠤ ᠪᠠᠢ᠌ᠳᠠᠭ ᠨᠢ ᠪᠠᠭᠠᠳᠤᠷ ᠵᠢᠷᠭᠠᠯ ᠭᠦ

 

ᠠᠭᠳᠠ ᠦᠦ ᠮᠤᠷᠢᠨ ᠳᠠᠭᠠᠨ ᠮᠤᠷᠳᠠᠭᠠᠤᠨ ᠭᠠᠷᠪᠠᠯ ᠳ᠋ᠠ

ᠠᠶᠠᠨ ᠤ ᠵᠠᠮ ᠴᠢᠨᠢ ᠶᠠᠭᠤ ᠪᠠᠢ᠌ᠨ᠎ᠠ ᠳ᠋ᠠ ᠭᠦ

ᠠᠬ᠎ᠠ ᠳᠡᠭᠦᠤ ᠣᠯᠠᠨ ᠶᠢᠡᠷ ᠶᠢᠡᠨ ᠪᠦᠯᠭᠦᠮᠳᠡᠭᠡᠳ ᠢᠷᠠᠪᠠᠯ ᠳ᠋ᠠ

ᠠᠶᠤᠯ ᠵᠤᠪᠠᠯᠠᠩ ᠴᠤ ᠶᠠᠭᠤ ᠪᠠᠢ᠌ᠨ᠎ᠠ ᠳ᠋ᠠ ᠭᠦ

 

ᠦᠷᠢᠶ᠎ᠠ 〈ᠶᠤ〉 ᠭᠦᠯᠦᠭ᠌ ᠶᠢᠡᠨ ᠣᠨᠤᠭᠠᠤᠨ ᠭᠠᠷᠪᠠᠯ ᠳ᠋ᠠ

ᠡᠳᠦᠷ ᠤᠨ ᠵᠠᠮ ᠴᠢᠨᠢ ᠶᠠᠭᠤ ᠪᠠᠢ᠌ᠨ᠎ᠠ ᠳ᠋ᠠ ᠭᠦ

ᠦᠶ᠎ᠡ ᠶᠢᠨ ᠠᠬ᠎ᠠ ᠳᠡᠭᠦᠦᠨᠡᠷ ᠲᠡᠶ ᠪᠠᠨ ᠨᠢᠭᠳᠠᠷᠠᠭᠠᠤᠨ ᠢᠷᠠᠪᠠᠯ ᠳ᠋ᠠ

ᠢᠷᠡᠭᠡᠳᠦᠢ ᠶᠢᠨ ᠣᠢ᠌ᠯᠠᠰ ᠴᠢᠨᠢ ᠶᠠᠭᠤ ᠪᠠᠢ᠌ᠨ᠎ᠠ ᠳ᠋ᠠ ᠭᠦ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ