ᠪᠢ ᠮᠤᠩᠭᠤᠯ ᠡᠷ᠎ᠡ ᠬᠦᠮᠦᠨ

ᠳᠠᠭᠤᠴᠢᠨ᠄ ᠪᠦᠬᠦ ᠤᠳᠤᠳ
ᠦᠭᠡ᠄ ᠳ·ᠡᠩᠬᠡᠲᠠᠢᠪᠤᠩ᠂ ᠷ·ᠪᠠᠶᠠᠷᠰᠠᠢᠬᠠᠨ
ᠠᠶ᠎ᠠ᠄ ᠳ·ᠴᠧᠸᠠᠩᠷᠠᠪᠳᠠᠨ
ᠴᠤᠮᠤᠭ ᠤᠨ ᠬᠠᠷᠢᠶ᠎ᠠ᠄ ᠬᠠᠮ ᠴᠤᠭᠯᠠᠷᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 33550
ᠴᠠᠭ᠄ 2009 ᠤᠨ ᠤ 07 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠳᠠᠭᠤᠴᠢᠨ ᠪᠠᠲᠤᠪᠤᠯᠤᠳ)

 

( ᠪᠢ ᠊᠊᠊᠊᠊᠊᠊᠊᠊᠊᠊᠊᠊᠊᠊

ᠭᠡᠭᠡᠷ᠎ᠡ ᠶᠢᠨ ᠰᠠᠯᠭᠢᠨ ᠳᠤ ᠠᠷᠢᠭᠤᠰᠤᠭᠰᠠᠨ

ᠡᠩᠭᠡᠷ ᠤᠨ ᠭᠠᠭᠴᠠᠬᠠᠨ ᠮᠤᠳᠤᠨ ᠤ ᠨᠠᠪᠴᠢ ᠡ

ᠪᠢ ᠊᠊᠊᠊᠊᠊᠊᠊᠊᠊᠊᠊᠊᠊᠊

ᠡᠩᠬᠦᠷᠡᠢ ᠨᠤᠳᠤᠭ ᠶᠢᠡᠨ ᠪᠣᠰᠤᠳ ᠡᠴᠡ ᠬᠠᠷᠠᠮᠯᠠᠵᠤ

ᠳᠡᠭᠡᠭᠰᠢ ᠪᠠᠨ ᠣᠭᠰᠢᠬᠤ ᠮᠤᠩᠭ᠋ᠤᠯ ᠡᠷ᠎ᠡ ᠭᠦᠮᠤᠨ ᠳ᠋ᠠ)

 

ᠪᠢ ᠊᠊᠊᠊᠊᠊᠊᠊᠊᠊᠊᠊᠊᠊᠊

ᠳᠤᠯᠭᠠᠨ ᠳᠤ ᠴᠣᠢ᠌ᠯᠠᠨ ᠳᠦᠷᠡᠯᠵᠡᠭᠦ

ᠭᠦᠴᠦᠳᠤ ᠳᠤᠭᠰᠢᠨ ᠭᠠᠯ ᠤᠨ ᠲᠦᠯᠤ ᠡ

ᠪᠢ ᠊᠊᠊᠊᠊᠊᠊᠊᠊᠊᠊᠊᠊᠊᠊

ᠰᠢᠯᠦᠭ᠌ ᠳᠠᠷᠯᠠᠨ ᠰᠡᠭᠦᠷᠡᠰᠤ ᠠᠯᠳᠠᠬᠤ

ᠣᠮᠤᠭ ᠪᠠᠷᠳᠠᠮ ᠮᠤᠩᠭ᠋ᠤᠯ ᠡᠷ᠎ᠡ ᠭᠦᠮᠤᠨ ᠳ᠋ᠠ

ᠪᠢ ᠊᠊᠊᠊᠊᠊᠊᠊᠊᠊᠊᠊᠊᠊᠊

ᠬᠠᠯᠬ᠎ᠠ ᠶᠢᠨ ᠰᠠᠢ᠌ᠬᠠᠨ ᠪᠦᠰᠡᠭᠦᠢ ᠶᠢᠨ

ᠬᠠᠷᠠᠭ᠎ᠠ ᠶᠢ ᠪᠣᠯᠢᠶᠠᠵᠤ ᠬᠠᠢ᠌ᠷ᠎ᠠ ᠶᠢ ᠳᠠᠳᠠᠭᠰᠠᠨ

ᠪᠢ ᠊᠊᠊᠊᠊᠊᠊᠊᠊᠊᠊᠊᠊᠊᠊

ᠰᠡᠳᠭᠢᠯ ᠰᠡᠷᠭᠦᠭᠡᠵᠤ ᠠᠢ᠌ᠵᠢᠮ ᠣᠷᠠᠰᠬᠠᠵᠤ

ᠣᠶᠠᠷᠠᠨ ᠰᠠᠭᠠᠬᠤ ᠮᠤᠩᠭ᠋ᠤᠯ ᠡᠷ᠎ᠡ ᠭᠦᠮᠤᠨ ᠡ

 

ᠪᠢ ᠊᠊᠊᠊᠊᠊᠊᠊᠊᠊᠊᠊᠊᠊᠊

ᠨᠠᠷᠠᠳᠤ ᠬᠤᠷᠭᠤᠳᠠᠨ ᠰᠢᠭᠤᠷᠠᠬᠤ

ᠭᠢᠯᠮᠠᠭᠠᠳᠤ ᠰᠢᠷᠦᠭᠦᠨ ᠰᠢᠭᠤᠷᠭᠠᠨ ᠤ ᠰᠢᠷᠭᠡᠭ᠌

ᠪᠢ ᠊᠊᠊᠊᠊᠊᠊᠊᠊᠊᠊᠊᠊᠊᠊

ᠳᠠᠭᠤᠤ ᠠᠶᠠᠯᠤᠨ ᠰᠡᠳᠭᠢᠯ ᠳᠠᠢ᠌ᠤᠠᠬᠤᠷᠠᠵᠤ

ᠰᠢᠷᠤᠩᠬᠠᠢ ᠬᠠᠳᠠᠭᠠᠬᠤ ᠮᠤᠩᠭ᠋ᠤᠯ ᠡᠷ᠎ᠡ ᠭᠦᠮᠤᠨ ᠳ᠋ᠠ

ᠪᠢ ᠊᠊᠊᠊᠊᠊᠊᠊᠊᠊᠊᠊᠊᠊᠊

ᠰᠡᠳᠭᠢᠯ ᠤᠨ ᠰᠠᠢ᠌ᠬᠠᠨ ᠶᠢᠡᠷ ᠬᠠᠨᠢ ᠪᠠᠨ ᠳᠡᠭᠡᠳᠦᠯᠡᠵᠤ

ᠬᠠᠯᠠᠮᠵᠶ᠎ᠠ ᠪᠦᠭᠦᠨ ᠳᠤ ᠬᠠᠷᠠᠮ ᠦᠭᠡᠶ ᠬᠠᠢ᠌ᠷᠠᠯᠠᠬᠤ

ᠪᠢ ᠊᠊᠊᠊᠊᠊᠊᠊᠊᠊᠊᠊᠊᠊᠊

ᠬᠠᠯᠠᠭᠤᠨ ᠰᠡᠳᠭᠢᠯ ᠡᠨᠡᠭᠡᠨ ᠪᠠᠶ᠎ᠠ ᠪᠠᠨ

ᠪᠣᠰᠤᠳ ᠲᠤ ᠵᠤᠷᠢᠭᠤᠯᠬᠤ ᠮᠤᠩᠭ᠋ᠤᠯ ᠡᠷ᠎ᠡ ᠭᠦᠮᠤᠨ ᠳ᠋ᠠ

 

ᠪᠢ ᠊᠊᠊᠊᠊᠊᠊᠊᠊᠊᠊᠊᠊᠊᠊

ᠭᠡᠭᠡᠷ᠎ᠡ ᠶᠢᠨ ᠰᠠᠯᠭᠢᠨ ᠳᠤ ᠠᠷᠢᠭᠤᠰᠤᠭᠰᠠᠨ

ᠡᠩᠭᠡᠷ ᠤᠨ ᠭᠠᠭᠴᠠᠬᠠᠨ ᠮᠤᠳᠤᠨ ᠤ ᠨᠠᠪᠴᠢ ᠡ

ᠪᠢ ᠊᠊᠊᠊᠊᠊᠊᠊᠊᠊᠊᠊᠊᠊᠊

ᠡᠩᠬᠦᠷᠡᠢ ᠨᠤᠳᠤᠭ ᠶᠢᠡᠨ ᠪᠣᠰᠤᠳ ᠡᠴᠡ ᠬᠠᠷᠠᠮᠯᠠᠵᠤ

ᠳᠡᠭᠡᠭᠰᠢ ᠪᠠᠨ ᠣᠭᠰᠢᠬᠤ ᠮᠤᠩᠭ᠋ᠤᠯ ᠡᠷ᠎ᠡ ᠭᠦᠮᠤᠨ ᠳ᠋ᠠ

ᠪᠢ ᠊᠊᠊᠊᠊᠊᠊᠊᠊᠊᠊᠊᠊᠊᠊

ᠠᠷᠭᠠᠯ ᠤᠨ ᠣᠳᠤᠭ᠎ᠠ ᠦᠨᠦᠷᠯᠠᠵᠤ

ᠠᠩᠭᠢᠷ ᠣᠭᠤᠷᠠᠭ ᠪᠠᠨ ᠵᠠᠯᠭᠢᠯᠠᠵᠤ ᠦᠰᠦᠭ᠍ᠰᠡᠨ

ᠪᠢ ᠊᠊᠊᠊᠊᠊᠊᠊᠊᠊᠊᠊᠊᠊᠊

ᠳᠡᠭ᠍ᠷᠢ ᠲᠡᠭᠡᠨ ᠰᠥᠰᠦᠭᠯᠡᠨ ᠨᠠᠷᠠᠨ ᠳᠠᠭᠠᠨ ᠵᠠᠯᠪᠠᠷᠢᠬᠤ

ᠭᠦᠭᠡ ᠳᠤᠯᠪᠣ ᠲᠡᠶ ᠮᠤᠩᠭ᠋ᠤᠯ ᠡᠷ᠎ᠡ ᠭᠦᠮᠤᠨ ᠳ᠋ᠠ

 

ᠪᠢ ᠊᠊᠊᠊᠊᠊᠊᠊᠊᠊᠊᠊᠊᠊᠊

ᠳᠡᠯᠡᠭᠡᠢ ᠳᠤ ᠳᠠᠪᠠ ᠪᠠᠷ ᠶᠢᠡᠨ ᠠᠮᠢᠳᠤᠷᠠᠬᠤ

ᠳᠡᠭᠡᠳᠦᠰ ᠵᠠᠶᠠᠭᠠᠳᠤ ᠮᠤᠩᠭ᠋ᠤᠯ ᠡᠷ᠎ᠡ ᠭᠦᠮᠤᠨ ᠳ᠋ᠠ

ᠪᠢ ᠊᠊᠊᠊᠊᠊᠊᠊᠊᠊᠊᠊᠊᠊᠊

ᠳᠠᠪᠠᠯ ᠪᠠᠨ ᠪᠦᠰᠡᠯᠡᠵᠤ ᠭᠦᠭᠡᠷᠭᠡ ᠵᠦᠷᠢᠭᠦᠯᠡᠭᠦ

ᠳᠡᠭᠡᠭ᠍ᠰᠢ ᠪᠠᠨ ᠭᠡᠢ᠌ᠮᠦᠷᠢ ᠲᠡᠶ ᠮᠤᠩᠭ᠋ᠤᠯ ᠡᠷ᠎ᠡ ᠭᠦᠮᠤᠨ ᠳ᠋ᠠ

ᠪᠢ ᠊᠊᠊᠊᠊᠊᠊᠊᠊᠊᠊᠊᠊᠊᠊

ᠮᠤᠷᠢᠨ ᠳᠠᠯ ᠳᠡᠭᠡᠷ᠎ᠡ ᠳᠠᠷᠴᠤᠭᠯᠠᠨ

ᠮᠤᠩᠭ᠋ᠤᠯ ᠡ ︕ ᠭᠡᠳ ᠴᠡᠭᠡᠵᠢ ᠪᠠᠨ ᠳᠠᠯᠠᠳᠴᠤ

ᠪᠢ ᠊᠊᠊᠊᠊᠊᠊᠊᠊᠊᠊᠊᠊᠊᠊

ᠮᠤᠷᠢᠳᠠᠨ ᠠᠷᠠᠤᠨ ᠤᠨ ᠣᠳᠤᠮ ᠵᠠᠯᠭᠠᠬᠤ

ᠣᠷᠭ᠎ᠠ ᠰᠤᠩᠭ᠋ᠠᠬᠤ ᠮᠤᠩᠭ᠋ᠤᠯ ᠡᠷ᠎ᠡ ᠭᠦᠮᠤᠨ ᠳ᠋ᠠ

 

ᠪᠢ ᠊᠊᠊᠊᠊᠊᠊᠊᠊᠊᠊᠊᠊᠊᠊

ᠮᠤᠷᠢᠨ ᠳᠠᠯ ᠳᠡᠭᠡᠷ᠎ᠡ ᠳᠠᠷᠴᠤᠭᠯᠠᠨ

ᠮᠤᠩᠭ᠋ᠤᠯ ᠡ ︕ ᠭᠡᠳ ᠴᠡᠭᠡᠵᠢ ᠪᠠᠨ ᠳᠠᠯᠠᠳᠴᠤ

ᠪᠢ ᠊᠊᠊᠊᠊᠊᠊᠊᠊᠊᠊᠊᠊᠊᠊

ᠳᠠᠯᠠᠴᠠᠳᠠᠭ ᠦᠭᠡᠶ ᠮᠤᠩᠭ᠋ᠤᠯ ᠤᠨ ᠲᠦᠯᠦᠭᠡ ᠳᠡᠮᠡᠴᠡᠭ᠍ᠰᠡᠨ

ᠡᠪᠦᠭᠡᠳ ᠤᠨ ᠶᠢᠡᠨ ᠵᠠᠷᠯᠢᠭ ᠲᠡᠶ ᠮᠤᠩᠭ᠋ᠤᠯ ᠡᠷ᠎ᠡ ᠭᠦᠮᠤᠨ ᠳ᠋ᠠ ︕

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ