ᠳᠠᠭᠤᠤ ᠳᠤ ᠤᠶᠠᠷᠠᠬᠤ ᠬᠤᠷᠸ᠎ᠠ

ᠳᠠᠭᠤᠴᠢᠨ᠄ ᠪᠦᠬᠦ ᠤᠳᠤᠳ
ᠦᠭᠡ᠄ ᠯ·ᠲᠡᠮᠦᠷᠪᠠᠲᠤ
ᠠᠶ᠎ᠠ᠄ ᠭᠡ᠊·ᠡᠷᠳᠡᠨᠢ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 113959
ᠴᠠᠭ᠄ 2006 ᠤᠨ ᠤ 04 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠪᠠᠲᠤᠵᠢᠷᠭᠠᠯ᠂ ᠴᠢᠯᠠᠭᠤᠨᠴᠡᠴᠡᠭ ᠳᠠᠭᠤᠯᠠᠪᠠ)

 

ᠠᠯᠳᠠᠨ ᠭᠤᠷᠭᠤᠤᠯᠳᠠᠢ ᠳᠤᠩᠭ᠋ᠤᠳᠬᠤ ᠦᠭᠡᠶ ᠶᠤᠮ ᠪᠣᠯ

ᠠᠯᠠᠭ ᠳᠡᠯᠡᠭᠡᠢ ᠣᠶᠠᠩᠭ᠎ᠠ ᠪᠠᠷ ᠳᠤᠳᠠᠨ᠎ᠠ ᠰᠢᠤ ᠳ᠋ᠠ ᠭᠦᠢ

ᠠᠷᠠᠤᠨ ᠤᠨ ᠳᠠᠭᠤᠤ ᠪᠠᠨ ᠳᠠᠭᠤᠯᠠᠬᠤ ᠦᠭᠡᠶ ᠶᠤᠮ ᠪᠣᠯ

ᠠᠷᠠᠤᠨ ᠲᠦᠮᠡᠨ ᠳᠠᠭᠤᠤ ᠪᠠᠷ ᠳᠤᠳᠠᠨ᠎ᠠ ᠰᠢᠤ ᠳ᠋ᠠ ᠭᠦᠢ

    ᠲ᠋ᠠᠭᠤᠯᠠ ᠳᠠᠭᠤᠯᠠ ᠪᠦᠭᠦᠳᠡᠭᠡᠷ ᠶᠢᠡᠨ ᠳᠠᠭᠤᠯᠠ

    ᠬᠦᠭ ᠠᠶᠠᠯᠭᠤ ᠨᠡᠢ᠌ᠯᠡᠭ᠍ᠰᠡᠨ

    ᠭᠦᠭ᠍ᠵᠢᠮ ᠰᠢᠭ᠌ ᠣᠷᠴᠢᠯᠠᠩ ᠳᠤ

    ᠦᠪᠡᠷ ᠦᠪᠡᠷ ᠤᠨ ᠥᠩᠭᠡ ᠪᠠᠷ ᠶᠢᠡᠨ ᠡᠭᠡᠰᠢᠭᠯᠡᠨ᠎ᠡ ᠳ᠋ᠠ ᠭᠦᠢ

 

ᠠᠭᠤᠯᠠ ᠶᠢᠨ ᠪᠣᠭᠤ ᠣᠷᠤᠮᠳᠤᠬᠤ ᠦᠭᠡᠶ ᠶᠤᠮ ᠪᠣᠯ

ᠠᠭᠤᠵᠢᠮ ᠬᠤᠷᠸ᠎ᠠ ᠣᠶᠠᠩᠭ᠎ᠠ ᠪᠠᠷ ᠳᠤᠳᠠᠨ᠎ᠠ ᠰᠢᠤ ᠳ᠋ᠠ ᠭᠦᠢ

ᠣᠷᠳᠤ ᠶᠢᠨ ᠳᠠᠭᠤᠤ ᠪᠠᠨ ᠠᠶᠠᠯᠬᠤ ᠦᠭᠡᠶ ᠶᠤᠮ ᠪᠣᠯ

ᠣᠬᠠᠭᠠᠠᠳᠤ ᠠᠷᠠᠤᠨ ᠮᠢᠨᠢ ᠳᠠᠭᠤᠤ ᠪᠠᠷ ᠳᠤᠳᠠᠨ᠎ᠠ ᠰᠢᠤ ᠳ᠋ᠠ ᠭᠦᠢ

    ᠲ᠋ᠠᠭᠤᠯᠠ ᠳᠠᠭᠤᠯᠠ ᠪᠦᠭᠦᠳᠡᠭᠡᠷ ᠶᠢᠡᠨ ᠳᠠᠭᠤᠯᠠ

    ᠬᠦᠭ ᠠᠶᠠᠯᠭᠤ ᠨᠡᠢ᠌ᠯᠡᠭ᠍ᠰᠡᠨ

    ᠭᠦᠭ᠍ᠵᠢᠮ ᠰᠢᠭ᠌ ᠣᠷᠴᠢᠯᠠᠩ ᠳᠤ

    ᠦᠪᠡᠷ ᠦᠪᠡᠷ ᠤᠨ ᠥᠩᠭᠡ ᠪᠠᠷ ᠶᠢᠡᠨ ᠡᠭᠡᠰᠢᠭᠯᠡᠨ᠎ᠡ ᠳ᠋ᠠ ᠭᠦᠢ

 

ᠭᠦᠭᠦᠭᠡ ᠰᠢᠪᠠᠭᠤ ᠳᠤᠩᠭ᠋ᠤᠳᠬᠤ ᠦᠭᠡᠶ ᠶᠤᠮ ᠪᠣᠯ

ᠭᠦᠪᠴᠢᠨ ᠳᠡᠯᠡᠭᠡᠢ ᠣᠶᠠᠩᠭ᠎ᠠ ᠪᠠᠷ ᠳᠤᠳᠠᠨ᠎ᠠ ᠰᠢᠤ ᠳ᠋ᠠ ᠭᠦᠢ

ᠨᠠᠮᠢ᠋ᠢ ᠳᠠᠭᠤᠤ ᠪᠠᠷ ᠳᠠᠭᠤᠯᠠᠬᠤ ᠦᠭᠡᠶ ᠶᠤᠮ ᠪᠣᠯ

ᠨᠠᠰᠤᠨ ᠤ ᠬᠠᠨᠢ ᠮᠢᠨᠢ ᠬᠠᠢ᠌ᠷ᠎ᠠ ᠪᠠᠷ ᠳᠤᠳᠠᠨ᠎ᠠ ᠰᠢᠤ ᠳ᠋ᠠ ᠭᠦᠢ

    ᠲ᠋ᠠᠭᠤᠯᠠ ᠳᠠᠭᠤᠯᠠ ᠪᠦᠭᠦᠳᠡᠭᠡᠷ ᠶᠢᠡᠨ ᠳᠠᠭᠤᠯᠠ

    ᠬᠦᠭ ᠠᠶᠠᠯᠭᠤ ᠨᠡᠢ᠌ᠯᠡᠭ᠍ᠰᠡᠨ

    ᠭᠦᠭ᠍ᠵᠢᠮ ᠰᠢᠭ᠌ ᠣᠷᠴᠢᠯᠠᠩ ᠳᠤ

    ᠦᠪᠡᠷ ᠦᠪᠡᠷ ᠤᠨ ᠥᠩᠭᠡ ᠪᠠᠷ ᠶᠢᠡᠨ ᠡᠭᠡᠰᠢᠭᠯᠡᠨ᠎ᠡ ᠳ᠋ᠠ ᠭᠦᠢ

 

ᠣᠰᠤᠨ ᠤ ᠰᠢᠪᠠᠭᠤᠳ ᠳᠤᠩᠭ᠋ᠤᠳᠬᠤ ᠦᠭᠡᠶ ᠶᠤᠮ ᠪᠣᠯ

ᠣᠷᠢᠬᠠᠨ ᠬᠠᠪᠣᠷ ᠣᠶᠠᠩᠭ᠎ᠠ ᠪᠠᠷ ᠳᠤᠳᠠᠨ᠎ᠠ ᠰᠢᠤ ᠳ᠋ᠠ ᠭᠦᠢ

ᠦᠪᠡᠷ ᠶᠢᠡᠨ ᠪᠢᠳᠠᠨᠠᠷ ᠳᠠᠭᠤᠯᠠᠬᠤ ᠦᠭᠡᠶ ᠶᠤᠮ ᠪᠣᠯ

ᠦᠷᠭᠦᠭᠡ ᠭᠡᠷ ᠮᠢᠨᠢ ᠴᠡᠩᠭᠡᠯ ᠶᠢᠡᠷ ᠳᠤᠳᠠᠨ᠎ᠠ ᠰᠢᠤ ᠳ᠋ᠠ ᠭᠦᠢ

    ᠲ᠋ᠠᠭᠤᠯᠠ ᠳᠠᠭᠤᠯᠠ ᠪᠦᠭᠦᠳᠡᠭᠡᠷ ᠶᠢᠡᠨ ᠳᠠᠭᠤᠯᠠ

    ᠬᠦᠭ ᠠᠶᠠᠯᠭᠤ ᠨᠡᠢ᠌ᠯᠡᠭ᠍ᠰᠡᠨ

    ᠭᠦᠭ᠍ᠵᠢᠮ ᠰᠢᠭ᠌ ᠣᠷᠴᠢᠯᠠᠩ ᠳᠤ

    ᠦᠪᠡᠷ ᠦᠪᠡᠷ ᠤᠨ ᠥᠩᠭᠡ ᠪᠠᠷ ᠶᠢᠡᠨ ᠡᠭᠡᠰᠢᠭᠯᠡᠨ᠎ᠡ ᠳ᠋ᠠ ᠭᠦᠢ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ