ᠭᠡᠭᠡᠨ ᠬᠠᠢᠷ᠎ᠠ

ᠳᠠᠭᠤᠴᠢᠨ᠄ ᠪᠦᠬᠦ ᠤᠳᠤᠳ
ᠦᠭᠡ᠄ ᠨ·ᠪᠠᠶᠠᠨᠮᠦ᠋ᠩᠬᠡ
ᠠᠶ᠎ᠠ᠄ ᠡ᠊·ᠴᠢᠯᠠᠭᠤᠨ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 161943
ᠴᠠᠭ᠄ 2006 ᠤᠨ ᠤ 10 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠪᠠᠲᠤ᠊᠊ᠡᠷᠳᠡᠨᠢ᠂ ᠡᠷᠳᠡᠨᠢᠴᠡᠴᠡᠭ ᠳᠠᠭᠤᠯᠠᠪᠠ)

 

ᠰᠠᠷᠠ ᠲᠡᠶ ᠡᠷᠭᠢ ᠪᠠᠷ ᠭᠦᠳᠦᠯᠴᠡᠨ ᠭᠦᠶ‍ᠦᠭᠡᠳ

ᠰᠠᠨᠠᠬᠤ ᠶᠢᠨ ᠣᠷᠴᠢᠯᠠᠩ ᠳᠤ ᠡᠷᠭᠡᠯᠡᠵᠤ ᠨᠠᠭᠠᠳᠤᠭᠰᠠᠨ

ᠴᠡᠴᠡᠭ᠌ ᠲᠤ ᠪᠠᠭᠤᠭᠰᠠᠨ ᠪᠣᠳᠠᠩ ᠰᠠᠷᠨᠢᠭᠤᠯᠵᠤ

ᠴᠡᠩᠭᠡᠷ ᠦᠷᠯᠦᠭᠡ ᠣᠭᠳᠤᠭᠰᠠᠨ ᠬᠡᠦᠬᠡᠳ ᠨᠠᠰᠤ ᠮᠢᠨᠢ

    ᠲ᠋ᠡᠷᠪᠡᠭᠦᠨ ᠪᠠᠭ᠎ᠠ ᠶᠢᠨ ᠭᠡᠭᠡᠨ ᠬᠠᠢ᠌ᠷ᠎ᠠ ᠪᠠᠨ

    ᠲ᠋ᠡᠭᠡᠳᠦᠯᠡᠨ ᠳᠤᠷᠠᠰᠬᠠᠬᠤ ᠪᠠᠯᠴᠢᠷ ᠨᠠᠰᠤ ᠮᠢᠨᠢ

    ᠴᠠᠢ᠌ᠯᠭᠠᠨ ᠬᠤᠩᠭ᠋ᠤᠷ ᠭᠡᠭᠡᠨ ᠬᠠᠢ᠌ᠷ᠎ᠠ ᠪᠠᠨ

    ᠴᠠᠭ ᠤᠨ ᠰᠢᠪᠠᠭᠤᠳ ᠢ ᠱᠤᠯᠤᠭᠠᠨᠠᠳᠠᠯ᠎ᠠ ᠳᠠᠭᠤᠯᠠᠵᠤ ᠶᠠᠪᠣᠶ᠎ᠠ

 

ᠪᠣᠷᠤᠭᠠᠨ ᠲᠡᠶ ᠦᠳᠡᠰᠢ ᠪᠠᠷ ᠪᠣᠯᠵᠤᠭᠠᠨ ᠳᠠᠭᠠᠨ ᠵᠤᠭᠰᠤᠭᠠᠤᠨ

ᠪᠣᠳᠤᠯ ᠤᠨ ᠣᠷᠴᠢᠯᠠᠩ ᠳᠤ ᠬᠠᠢ᠌ᠷ᠎ᠠ ᠪᠠᠨ ᠮᠡᠳᠡᠷᠡᠭ᠍ᠰᠡᠨ

ᠬᠠᠷᠠᠴᠠ ᠳᠤᠯᠭᠠᠷᠠᠬᠤ ᠳᠤ ᠢᠴᠢᠩᠭᠦᠢᠷᠡᠵᠤ ᠶᠠᠪᠣᠭᠰᠠᠨ

ᠬᠠᠮᠤᠭ ᠡᠴᠡ ᠨᠠᠠᠳᠢᠨ ᠡᠩᠬᠦᠷᠡᠢ᠌ᠭᠡᠨ ᠬᠡᠦᠬᠡᠳ ᠨᠠᠰᠤ ᠮᠢᠨᠢ

    ᠲ᠋ᠡᠷᠪᠡᠭᠦᠨ ᠪᠠᠭ᠎ᠠ ᠶᠢᠨ ᠭᠡᠭᠡᠨ ᠬᠠᠢ᠌ᠷ᠎ᠠ ᠪᠠᠨ

    ᠲ᠋ᠡᠭᠡᠳᠦᠯᠡᠨ ᠳᠤᠷᠠᠰᠬᠠᠬᠤ ᠪᠠᠯᠴᠢᠷ ᠨᠠᠰᠤ ᠮᠢᠨᠢ

    ᠴᠠᠢ᠌ᠯᠭᠠᠨ ᠬᠤᠩᠭ᠋ᠤᠷ ᠭᠡᠭᠡᠨ ᠬᠠᠢ᠌ᠷ᠎ᠠ ᠪᠠᠨ

    ᠴᠠᠭ ᠤᠨ ᠰᠢᠪᠠᠭᠤᠳ ᠢ ᠱᠤᠯᠤᠭᠠᠨᠠᠳᠠᠯ᠎ᠠ ᠳᠠᠭᠤᠯᠠᠵᠤ ᠶᠠᠪᠣᠶ᠎ᠠ

 

ᠦᠷᠭᠦᠯᠵᠢ ᠬᠠᠮᠳᠤᠳᠠ ᠡᠷᠭᠡᠯᠡᠨ ᠪᠠᠢ᠌ᠬᠤ ᠳᠠᠭᠠᠨ

ᠦᠶ᠎ᠡ ᠶᠢᠨ ᠦᠬᠢᠳ ᠡᠴᠡ ᠨᠢᠭᠤᠴᠠᠬᠠᠨ ᠬᠠᠷᠠᠮᠯᠠᠭᠰᠠᠨ

ᠬᠠᠢ᠌ᠷ᠎ᠠ ᠶᠢᠨ ᠭᠠᠯ ᠶᠢᠡᠨ ᠬᠤᠶᠠᠭᠤᠯᠠ ᠮᠠᠨᠠᠭᠠᠤᠨ

ᠬᠠᠨ ᠬᠤᠷᠸ᠎ᠠ ᠶᠢ ᠭᠡᠷᠡᠯᠳᠦᠭᠦᠯᠦᠭ᠍ᠰᠡᠨ ᠬᠡᠦᠬᠡᠳ ᠨᠠᠰᠤ ᠮᠢᠨᠢ

    ᠲ᠋ᠡᠷᠪᠡᠭᠦᠨ ᠪᠠᠭ᠎ᠠ ᠶᠢᠨ ᠭᠡᠭᠡᠨ ᠬᠠᠢ᠌ᠷ᠎ᠠ ᠪᠠᠨ

    ᠲ᠋ᠡᠭᠡᠳᠦᠯᠡᠨ ᠳᠤᠷᠠᠰᠬᠠᠬᠤ ᠪᠠᠯᠴᠢᠷ ᠨᠠᠰᠤ ᠮᠢᠨᠢ

    ᠴᠠᠢ᠌ᠯᠭᠠᠨ ᠬᠤᠩᠭ᠋ᠤᠷ ᠭᠡᠭᠡᠨ ᠬᠠᠢ᠌ᠷ᠎ᠠ ᠪᠠᠨ

    ᠴᠠᠭ ᠤᠨ ᠰᠢᠪᠠᠭᠤᠳ ᠢ ᠱᠤᠯᠤᠭᠠᠨᠠᠳᠠᠯ᠎ᠠ ᠳᠠᠭᠤᠯᠠᠵᠤ ᠶᠠᠪᠣᠶ᠎ᠠ

 

ᠨᠠᠭᠤᠷ ᠤᠨ ᠬᠤᠨ ᠰᠢᠭ ᠢᠵᠢᠯᠰᠢᠨ ᠳᠠᠰᠠᠳᠠᠭ ᠴᠤ

ᠨᠢᠭᠤᠴᠠᠬᠠᠨ ᠬᠠᠢ᠌ᠷ᠎ᠠ ᠪᠠᠨ ᠳᠡᠯᠭᠡᠵᠤ ᠶᠠᠷᠢᠭ᠎ᠠ ᠦᠭᠡᠶ

ᠵᠢᠷᠦᠭᠡ ᠵᠢᠷᠦᠭᠡ ᠪᠠᠨ ᠳᠤᠭᠳᠤᠯᠤᠨ ᠴᠢᠩᠨᠠᠭᠠᠤᠨ

ᠵᠡᠭᠦᠳᠡᠨ ᠤ ᠬᠤᠷᠸ᠎ᠠ ᠶᠢ ᠣᠶᠠᠷᠠᠭᠠᠭᠰᠠᠨ ᠬᠡᠦᠬᠡᠳ ᠨᠠᠰᠤ ᠮᠢᠨᠢ

    ᠲ᠋ᠡᠷᠪᠡᠭᠦᠨ ᠪᠠᠭ᠎ᠠ ᠶᠢᠨ ᠭᠡᠭᠡᠨ ᠬᠠᠢ᠌ᠷ᠎ᠠ ᠪᠠᠨ

    ᠲ᠋ᠡᠭᠡᠳᠦᠯᠡᠨ ᠳᠤᠷᠠᠰᠬᠠᠬᠤ ᠪᠠᠯᠴᠢᠷ ᠨᠠᠰᠤ ᠮᠢᠨᠢ

    ᠴᠠᠢ᠌ᠯᠭᠠᠨ ᠬᠤᠩᠭ᠋ᠤᠷ ᠭᠡᠭᠡᠨ ᠬᠠᠢ᠌ᠷ᠎ᠠ ᠪᠠᠨ

    ᠴᠠᠭ ᠤᠨ ᠰᠢᠪᠠᠭᠤᠳ ᠢ ᠱᠤᠯᠤᠭᠠᠨᠠᠳᠠᠯ᠎ᠠ ᠳᠠᠭᠤᠯᠠᠵᠤ ᠶᠠᠪᠣᠶ᠎ᠠ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ