ᠰᠠᠨᠠᠭᠰᠠᠨ ᠰᠢᠦ ᠴᠢᠮᠢ᠋ᠢ ᠪᠠᠨ

ᠳᠠᠭᠤᠴᠢᠨ᠄ ᠪᠦᠬᠦ ᠤᠳᠤᠳ
ᠦᠭᠡ᠄ ᠦ᠊·ᠪᠠᠢᠭᠠᠯᠢᠮ᠎ᠠ
ᠠᠶ᠎ᠠ᠄ ᠡ᠊·ᠡᠩᠬᠡᠲᠠᠢᠪᠤᠩ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 20954
ᠴᠠᠭ᠄ 2009 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠪᠠᠲᠤᠮᠡᠨᠳᠦ᠂ ᠴᠤᠭᠲᠤᠰᠠᠢᠬᠠᠨ ᠳᠠᠭᠤᠯᠠᠪᠠ)

 

ᠰᠠᠯᠠᠭ᠎ᠠ ᠬᠤᠶᠠᠷ ᠵᠠᠮ ᠢ ᠭᠡᠷᠤᠨ ᠪᠠᠢ᠌ᠵᠤ ᠰᠠᠯᠤᠭᠰᠠᠨ ᠰᠢᠤ

ᠰᠠᠢ᠌ᠬᠠᠨ ᠰᠠᠢ᠌ᠬᠠᠨ ᠳᠤᠷᠠᠰᠤᠮᠵᠢ ᠪᠠᠨ ᠪᠣᠳᠤᠨ ᠪᠣᠳᠤᠵᠤ ᠰᠠᠨᠠᠭᠰᠠᠨ ᠰᠠᠨ

ᠳᠠᠷᠪᠠᠨ ᠳᠡᠷᠪᠠᠭᠦ ᠰᠡᠳᠭᠢᠯ ᠶᠢᠡᠨ ᠳᠠᠷᠤᠨ ᠳᠠᠷᠤᠵᠤ ᠰᠠᠨᠠᠭᠰᠠᠨ ᠰᠢᠤ

ᠳᠡᠩᠳᠡᠭᠦᠤ ᠬᠠᠯᠠᠭᠤᠨ ᠬᠠᠢ᠌ᠷᠠᠨ ᠳᠠᠭᠠᠨ ᠰᠢᠳᠠᠨ ᠰᠢᠳᠠᠵᠤ ᠰᠠᠨᠠᠭᠰᠠᠨ ᠰᠠᠨ

ᠰᠠᠨᠠᠭᠰᠠᠨ ᠰᠢᠤ ᠴᠢᠮᠢ᠋ᠢ ᠪᠠᠨ᠂ ᠰᠠᠨᠠᠬᠤ ᠶᠢᠨ ᠳᠡᠭᠡᠳᠤ ᠪᠠᠷ ᠰᠠᠨᠠᠭᠰᠠᠨ ᠰᠢᠦ

 

ᠡᠪᠯᠡᠭᠦᠯᠵᠤ ᠭᠡᠯᠡᠭᠦ ᠥᠭᠡᠨ ᠳᠡᠭᠡᠨ ᠢᠴᠢᠵᠤ ᠨᠢᠭᠤᠭᠳᠠᠨ ᠰᠠᠨᠠᠭᠰᠠᠨ ᠰᠢᠤ

ᠡᠭᠢᠯᠡᠯ ᠳᠡᠭᠦᠰᠭᠡᠯ ᠬᠤᠶᠠᠷ ᠢ ᠪᠠᠨ ᠵᠥᠭᠡᠯᠡᠯᠡᠨ ᠵᠥᠭᠡᠯᠡᠭᠦᠯᠵᠤ ᠰᠠᠨᠠᠭᠰᠠᠨ ᠰᠠᠨ

ᠡᠢ᠌ᠮᠤ ᠶᠡᠭᠡ ᠬᠠᠢ᠌ᠷ᠎ᠠ ᠶᠢᠨ ᠰᠠᠯᠭᠢ ᠶᠢ ᠥᠳᠦᠭᠡᠨ ᠪᠠᠢ᠌ᠵᠤ ᠰᠠᠨᠠᠭᠰᠠᠨ ᠰᠢᠤ

ᠡᠩᠭᠡᠷ ᠵᠦᠷᠢᠭᠦᠤ ᠶ‍ᠢᠷᠳᠢᠠᠴᠤ ᠶᠢ ᠠᠷᠭᠠᠳᠠᠨ ᠰᠥᠭᠦᠳᠴᠤ ᠰᠠᠨᠠᠭᠰᠠᠨ ᠰᠠᠨ

ᠰᠠᠨᠠᠭᠰᠠᠨ ᠰᠢᠤ ᠴᠢᠮᠢ᠋ᠢ ᠪᠠᠨ᠂ ᠰᠠᠨᠠᠬᠤ ᠶᠢᠨ ᠳᠡᠭᠡᠳᠤ ᠪᠠᠷ ᠰᠠᠨᠠᠭᠰᠠᠨ ᠰᠢᠦ

 

ᠰᠡᠭᠦᠳᠡᠷ ᠭᠡᠷᠡᠯ ᠬᠤᠶᠠᠷ ᠢ ᠰᠦᠷᠭᠡᠤᠳᠡᠭᠦᠯᠤᠨ ᠰᠠᠨᠠᠭᠰᠠᠨ ᠰᠢᠤ

ᠰᠦᠨᠢ ᠡᠳᠦᠷ ᠬᠤᠶᠠᠷ ᠲᠠᠭᠠᠨ ᠬᠠᠪᠴᠢᠭᠤᠯᠤᠭᠳᠠᠨ ᠰᠠᠨᠠᠭᠰᠠᠨ ᠰᠠᠨ

ᠰᠦᠯ ᠳᠠᠰᠤᠷᠠᠬᠤ ᠨᠠᠮᠤᠷ ᠰᠢᠭ ᠠᠯᠳᠠᠵᠤ ᠭᠤᠨᠢᠵᠤ ᠰᠠᠨᠠᠭᠰᠠᠨ ᠰᠢᠤ

ᠰᠦᠨᠢ ᠰᠦᠨᠢ ᠶᠢᠨ ᠵᠡᠭᠦᠳᠤᠨ ᠡᠴᠡ ᠪᠠᠨ ᠡᠷᠭᠢᠨ ᠬᠠᠢ᠌ᠵᠤ ᠰᠠᠨᠠᠭᠰᠠᠨ ᠰᠠᠨ

ᠰᠠᠨᠠᠭᠰᠠᠨ ᠰᠢᠤ ᠴᠢᠮᠢ᠋ᠢ ᠪᠠᠨ᠂ ᠰᠠᠨᠠᠬᠤ ᠶᠢᠨ ᠳᠡᠭᠡᠳᠤ ᠪᠠᠷ ᠰᠠᠨᠠᠭᠰᠠᠨ ᠰᠢᠦ

 

ᠭᠢᠰᠠᠯ ᠭᠢᠰᠠᠯ ᠤᠨ ᠨᠤᠭᠤᠴᠠᠭᠠᠨ ᠳᠠᠭᠠᠨ ᠪᠦᠳᠦᠴᠢᠨ ᠪᠦᠳᠦᠴᠢᠨ ᠰᠠᠨᠠᠭᠰᠠᠨ ᠰᠢᠤ

ᠭᠦᠰᠡᠯ ᠭᠦᠰᠡᠯ ᠤᠨ ᠳᠠᠯᠠᠢ ᠳᠤ ᠰᠠᠯᠢᠨ ᠰᠠᠯᠢᠵᠤ ᠰᠠᠨᠠᠭᠰᠠᠨ ᠰᠠᠨ

ᠪᠦᠰᠡᠭᠦᠢ ᠭᠦᠮᠤᠨ ᠤ ᠰᠡᠳᠭᠢᠯ ᠡᠴᠡ ᠬᠠᠷᠠᠭᠤᠯᠳᠤᠨ ᠬᠠᠷᠠᠭᠤᠯᠳᠠᠨ ᠰᠠᠨᠠᠭᠰᠠᠨ ᠰᠢᠤ

ᠪᠦᠷ ᠢᠷᠡᠭᠦ ᠬᠠᠢ᠌ᠷ᠎ᠠ ᠶᠢ ᠬᠠᠢ᠌ᠷᠠᠯᠠᠨ ᠬᠠᠢ᠌ᠷᠠᠯᠠᠨ ᠰᠠᠨᠠᠭᠰᠠᠨ ᠰᠠᠨ

ᠰᠠᠨᠠᠭᠰᠠᠨ ᠰᠢᠤ ᠴᠢᠮᠢ᠋ᠢ ᠪᠠᠨ᠂ ᠰᠠᠨᠠᠬᠤ ᠶᠢᠨ ᠳᠡᠭᠡᠳᠤ ᠪᠠᠷ ᠰᠠᠨᠠᠭᠰᠠᠨ ᠰᠢᠦ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ