ᠫᠦᠱᠺᠢᠨ ᠲᠠᠢ ᠲᠤᠯᠭᠠᠭᠰᠠᠨ ᠬᠤᠨᠳᠠᠭ᠎ᠠ

ᠳᠠᠭᠤᠴᠢᠨ᠄ ᠭᠤᠮᠪᠤ ᠶᠢᠨ ᠷᠠᠪᠳᠠᠨ
ᠦᠭᠡ᠄ ᠴ·ᠴᠢᠮᠡᠳᠳᠤᠷᠵᠢ
ᠴᠤᠮᠤᠭ ᠤᠨ ᠬᠠᠷᠢᠶ᠎ᠠ᠄ ᠪᠢ ᠬᠠᠮᠢᠭ᠎ᠠ ᠲᠦᠷᠦᠭᠡ ᠪᠤᠢ
ᠤᠷᠠᠯᠢᠭ ᠤᠨ ᠬᠤᠪᠢᠶᠠᠷᠢ᠄ ᠲᠤᠳᠤ ᠤᠩᠰᠢᠯᠭ᠎ᠠ
ᠳᠠᠷᠤᠮ᠄ 8449
ᠴᠠᠭ᠄ 2009 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ

(ᠭᠤᠮᠪᠣ ᠶᠢᠨ ᠷᠠᠪᠳᠠᠨ ᠣᠶᠠᠩᠭ᠋ᠠᠯᠠᠪᠠ)

ᠳᠤᠷᠠᠯᠠᠯ ᠤᠨ ᠳᠠᠷᠠᠰᠤ ᠶᠢ ᠳᠠᠳᠠᠵᠤ ᠠᠰᠬᠠᠨ

ᠳᠤᠷ᠎ᠠ ᠪᠠᠷ ᠶᠢᠡᠨ ᠫᠣᠤᠳᠠᠭᠰᠠᠨ ᠫᠦᠱᠺᠧᠨ ᠨᠠᠢ᠌ᠷᠠᠭᠴᠢ

ᠭᠦᠭᠡ ᠠᠯᠠᠭ ᠳᠡᠯᠡᠭᠡᠢ ᠳᠡᠭᠡᠷ᠎ᠡ ᠭᠡᠦᠭᠡᠨ ᠡᠴᠡ ᠪᠣᠯᠵᠤ ᠫᠣᠤᠳᠠᠯᠴᠠᠬᠤ ᠳᠤ

ᠪᠦᠷᠭᠦᠵᠤ ᠭᠡᠯᠡᠭ᠍ᠰᠡᠨ ᠣᠬᠠᠭ᠎ᠠ ᠬᠤᠩᠭ᠋ᠤᠷ ᠰᠢᠯᠦᠭ᠍ᠴᠢ ᠮᠢᠨᠢ ᠯᠠ

ᠪᠦᠯᠢᠶᠡᠷᠡᠭ᠍ᠰᠡᠨ ᠬᠡᠦᠬᠡᠳ ᠰᠢᠭ᠌ ᠣᠭᠢᠯᠠᠵᠤ ᠪᠠᠢ᠌ᠭᠰᠠᠨ ᠳ᠋ᠠ᠃

ᠬᠠᠭᠠᠨ ᠤ ᠰᠢᠯᠢᠳᠡᠭ᠌ ᠨᠢ ᠴᠢᠰᠤ ᠲᠡᠶ

ᠬᠠᠳᠤᠳ ᠤᠨ ᠬᠠᠴᠠᠷ ᠨᠢ ᠨᠢᠯᠪᠣᠰᠤ ᠲᠡᠶ ᠪᠠᠢ᠌ᠭᠰᠠᠨ

ᠬᠠᠮᠢᠭᠠᠭᠢ ᠶᠢᠨ ᠭᠢᠨᠢ ᠪᠠᠢ᠌ᠬᠤ ᠬᠠᠮᠢᠭ᠎ᠠ ᠦᠭᠡᠶ

ᠬᠠᠨ ᠳᠡᠯᠡᠭᠡᠢ ᠶᠢᠨ ᠭᠡᠳᠤᠨ ᠮᠠᠭᠤ ᠨᠠᠢ᠌ᠷᠠᠭᠴᠢ

ᠬᠠᠳᠠᠭᠤ ᠳᠠᠷᠠᠰᠤ ᠬᠠᠯᠠᠭᠤᠨ ᠭᠡᠦᠭᠡᠨ

ᠠᠢ ᠡᠡᠯᠢᠺᠠᠽᠡ᠊ᠨᠳᠡᠷ ᠰᠡᠷᠭᠦᠪᠠᠴᠤ

ᠠᠭᠰᠤᠮ ᠭᠦᠭᠡ ᠴᠢᠰᠤ ᠲᠡᠶ ᠮᠤᠩᠭ᠋ᠤᠯ ᠨᠠᠢ᠌ᠷᠠᠭᠴᠢ ᠢᠩᠭᠢᠵᠤ ᠳᠤᠷᠠᠯᠠᠳᠠᠭ ᠶᠤᠮ᠃

ᠳᠡᠷᠯᠢᠭ᠌ ᠳᠠᠪᠠᠯ ᠤᠨ ᠡᠩᠭᠡᠷ ᠢ ᠠᠭᠢ ᠭᠠᠩ ᠬᠠᠩᠬᠠᠭᠤᠯᠤᠨ ᠢᠷᠠᠵᠤ

ᠳᠡᠷᠭᠡᠯ ᠬᠤᠩᠭ᠋ᠤᠷ ᠥᠵᠡᠰᠭᠦᠯᠡᠩ ᠢ ᠳᠡᠭ᠍ᠷᠢ ᠲᠡᠶ ᠪᠠᠨ ᠳᠠᠷᠤᠵᠤ ᠣᠨᠠᠳᠠᠭ ᠶᠤᠮ᠃

ᠮᠤᠷᠢᠳ ᠶᠢᠡᠨ ᠦᠷᠭᠦᠳᠡᠯ᠎ᠡ ᠵᠡᠷᠯᠢᠭ᠌ ᠮᠠᠳᠤ ᠠᠭᠠᠰᠢᠯᠠᠬᠤ ᠳᠤ

ᠮᠤᠩᠭ᠋ᠤᠯ ᠭᠠᠵᠠᠷ ᠤᠨ ᠴᠢᠯᠠᠭᠤ ᠪᠠᠢ᠌ᠷᠢᠨ ᠡᠴᠡ ᠪᠠᠨ ᠭᠦᠳᠡᠯᠦᠭ᠍ᠰᠡᠨ ᠪᠠᠢ᠌ᠳᠠᠭ ᠶᠤᠮ᠃

ᠣᠰᠤᠨ ᠳᠤᠳᠤᠷ᠎ᠠ ᠭᠠᠯ ᠨᠤᠴᠤᠬᠤ ᠮᠠᠳᠤ

ᠭᠠᠯ ᠳᠤᠮᠳᠠᠭᠤᠷ ᠣᠰᠤ ᠣᠷᠤᠰᠬᠤ ᠮᠠᠳᠤ

ᠬᠠᠨ᠎ᠠ ᠶᠢᠨ ᠰᠢᠭᠢᠷ᠎ᠠ ᠦᠳᠦ ᠪᠠᠷ ᠶᠢᠡᠨ ᠳᠡᠢ᠌ᠷᠡᠭᠦ ᠮᠠᠳᠤ

ᠬᠠᠯᠳᠠᠷ ᠴᠢᠨ᠋ᠸ᠎ᠠ ᠠᠮᠢ ᠳᠠᠯᠪᠢᠬᠤ ᠮᠠᠳᠤ

ᠡᠪᠦᠷ ᠮᠢᠯᠢᠶᠠᠵᠤ ᠠᠮᠠᠷᠠᠭᠯᠠᠨ ᠥᠩᠭᠡᠯᠳᠦᠭᠦ ᠳᠤ

ᠡᠮᠦᠨ᠎ᠡ ᠵᠥᠭ᠌ ᠢ ᠬᠣᠢ᠌ᠨ᠎ᠠ ᠡᠴᠡ ᠣᠯᠵᠤ

ᠡᠪᠠᠰᠤᠨ ᠳᠤᠳᠤᠷ᠎ᠠ ᠡᠴᠡ ᠠᠮᠢ ᠪᠠᠨ ᠣᠯᠵᠤ

ᠡᠳᠦᠷ ᠤᠨ ᠨᠠᠷ᠎ᠠ ᠶᠢ ᠰᠦᠨᠢ ᠡᠴᠡ ᠣᠯᠳᠠᠭ ᠶᠤᠮ᠃

ᠣᠨᠤᠵᠤ ᠶᠠᠪᠣᠭ᠎ᠠ ᠮᠤᠷᠢ ᠮᠢᠨᠢ ᠳᠠᠭᠢ ᠪᠣᠯᠤᠭᠰᠠᠨ ᠪᠠᠢ᠌ᠳᠠᠭ ᠶᠤᠮ

ᠣᠳᠤᠭ᠎ᠠ ᠲᠡᠶ ᠪᠣᠷᠤ ᠭᠡᠷ ᠮᠢᠨᠢ ᠰᠦᠮ᠎ᠡ ᠪᠣᠯᠤᠭᠰᠠᠨ ᠪᠠᠢ᠌ᠳᠠᠭ ᠶᠤᠮ

ᠪᠠᠯᠴᠢᠭᠡᠷ ᠲᠤ ᠶᠠᠪᠣᠭ᠎ᠠ ᠭᠡᠭᠦᠤ ᠶᠢᠨ ᠰᠥ᠋ ᠳᠠᠯᠠᠩ ᠳᠡᠭᠡᠨ ᠢᠰᠴᠤ ᠠᠢ᠌ᠷᠠᠭ ᠪᠣᠯᠤᠭᠰᠠᠨ ᠪᠠᠢ᠌ᠳᠠᠭ ᠶᠤᠮ

ᠪᠠᠯ ᠳᠤ ᠳᠦᠭᠡᠷᠢᠭ᠍ᠰᠡᠨ ᠭᠡᠳᠤᠨ ᠴᠢᠯᠠᠭᠤ ᠣᠪᠣᠭ᠎ᠠ ᠪᠣᠯᠤᠭᠰᠠᠨ ᠪᠠᠢ᠌ᠳᠠᠭ ᠶᠤᠮ᠃

ᠰᠦ᠋ ᠲᠡᠶ ᠪᠣᠭᠤᠷᠤᠯ ᠦᠳᠡᠰᠢ ᠪᠠᠷ ᠰᠥᠷᠦᠭ᠌ ᠰᠢᠪᠠᠭᠤ ᠲᠡᠶ ᠨᠢᠰᠴᠤ

ᠰᠠᠯᠭᠢᠨ ᠤ ᠡᠷᠭᠢᠭᠦᠯᠭᠡ ᠳᠠᠶᠠᠯᠠᠨ ᠰᠠᠷᠠ ᠲᠡᠶ ᠴᠤᠭ ᠶ‍ᠥᠷᠭᠡᠵᠤ

ᠵᠡᠷᠭᠡᠯᠭᠡᠨ ᠰᠢᠭ᠌ ᠬᠠᠭᠤᠷᠠᠪᠠᠯ ᠬᠠᠭᠤᠷᠠᠭ

ᠵᠡᠷᠯᠢᠭ᠌ ᠣᠷᠤᠭᠤᠯ ᠲᠡᠶ ᠭᠡᠦᠭᠡᠨ ᠢ ᠡᠪᠦᠷᠯᠡᠪᠡ ᠦᠦ

ᠮᠤᠷᠢ ᠲᠡᠶ ᠪᠠᠨ ᠳᠠᠪᠭᠢᠵᠤ ᠣᠷᠤᠬᠤ ᠨᠢ ᠠᠯᠠᠭ᠎ᠠ

ᠮᠤᠩᠭ᠋ᠤᠯ ᠨᠠᠢ᠌ᠷᠠᠭᠴᠢ ᠶᠢᠨ ᠴᠢᠰᠤ ᠭᠡᠳᠡᠭ᠌

ᠭᠦᠮᠤᠨ ᠣᠳᠤᠮ ᠤᠨ ᠶᠢᠡᠨ ᠭᠦᠷᠡᠯ ᠣᠮᠤᠭ ᠶᠢᠡᠷ ᠭᠦᠷᠭᠢᠷᠡᠵᠤ ᠪᠠᠢ᠌ᠳᠠᠭ ᠶᠤᠮ

ᠠᠯᠳᠠᠨ ᠣᠷᠤᠭ ᠤᠨ ᠶᠢᠡᠨ ᠠᠮᠢᠨ ᠭᠡᠯᠭᠢᠶ᠎ᠡ ᠪᠠᠷ ᠠᠷᠭᠢᠷᠠᠵᠤ ᠪᠠᠢ᠌ᠳᠠᠭ ᠶᠤᠮ

ᠠᠩ ᠭᠢᠵᠤ ᠪᠣᠢ ᠠᠯᠢᠺᠠᠽᠠᠠᠳᠠᠷ ᠰᠡᠷᠭᠦᠪᠠᠴᠤ

ᠣᠢ ᠮᠤᠳᠤᠨ ᠡᠴᠡ ᠪᠠᠨ ᠣᠯᠠᠨ ᠭᠡᠦᠭᠡᠨᠲ᠋ᠡᠢ

ᠣᠷᠤᠰ ᠭᠠᠵᠠᠷ ᠳᠠᠭᠠᠨ ᠶᠠᠭᠠᠭᠢᠬᠤ ᠨᠢ ᠴᠢᠨᠤ ᠳᠤᠷ᠎ᠠ ᠡ

ᠭᠡᠯᠳᠡᠭᠡᠢ ᠵᠠᠶᠠᠭ᠎ᠠ ᠳᠡᠭ᠍ᠰᠢᠯᠡᠨ ᠮᠤᠩᠭ᠋ᠤᠯ ᠬᠠᠢ᠌ᠷ᠎ᠠ ᠪᠠᠨ ᠮᠠᠨᠠᠵᠤ

ᠭᠡᠳᠤᠨ ᠪᠣᠷᠤ ᠭᠡᠦᠭᠡᠨ ᠶᠢᠡᠨ ᠪᠢ ᠶᠠᠭᠠᠭᠢᠬᠤ ᠪᠠᠨ ᠮᠠᠳᠠᠶ᠎ᠠ

ᠡᠭᠦᠨ ᠤ ᠲᠦᠯᠦᠭᠡ ᠡᠨᠡ ᠬᠤᠠᠳᠠᠭ᠎ᠠ ᠶᠢ

ᠣᠢ᠌ᠯᠠ ᠶᠢᠨ ᠦᠷ᠎ᠡ᠂ ᠬᠠᠢ᠌ᠷ᠎ᠠ ᠶᠢᠨ ᠬᠠᠷ᠎ᠠ ᠲᠡᠶ ᠳᠤᠯᠭᠠᠶ᠎ᠠ

ᠬᠤᠶᠠᠷ ᠵᠠᠭᠤᠨ ᠢ ᠳᠠᠮᠵᠢᠨ ᠢᠷᠠᠭᠤ ᠨᠠᠢ᠌ᠷᠠᠭᠴᠢ ᠲᠡᠶ ᠬᠤᠩᠬᠤᠯᠵᠠᠭᠰᠠᠨ

ᠬᠤᠩᠭ᠋ᠤᠷ ᠵᠡᠭᠡᠷᠳᠡᠨ ᠬᠠᠳᠠᠭ ᠲᠡᠶ᠂ ᠨᠠᠷᠠ ᠲᠡᠶ ᠳᠤᠯᠭᠠᠶ᠎ᠠ

ᠦᠴᠢᠨᠠᠨ ᠵᠢᠯ ᠴᠢᠮᠢ᠋ᠢ ᠫᠣᠤᠳᠠᠭᠠᠤᠨ

ᠡᠳᠦᠢ ᠭᠦᠷᠳᠡᠯ᠎ᠡ ᠣᠨᠤᠭ᠎ᠠ ᠦᠭᠡᠶ

ᠦᠨᠦ ᠮᠠᠭᠤ ᠳᠠᠮᠰᠢᠭ ᠤᠨ ᠣᠢᠰ ᠲᠡᠶ ᠰᠤᠮᠤ ᠲᠡᠶ ᠳᠤᠯᠭᠠᠶ᠎ᠠ

ᠭᠦᠮᠤᠨ ᠠᠮᠢᠳᠠᠨ ᠤ ᠭᠦᠭᠯᠡᠷᠡᠭ᠍ᠰᠡᠨ ᠶᠡᠭᠡ ᠠᠯᠳᠠᠭ᠎ᠠ ᠶᠢ ᠭᠠᠵᠠᠷ ᠲᠤ ᠣᠷᠤᠳᠠᠯ᠎ᠠ ᠮᠠᠭᠤᠯᠠᠵᠤ ᠵᠠᠯᠭᠢᠯᠠᠶ᠎ᠠ

ᠭᠡᠦᠭᠡᠨ ᠨᠤᠭᠤᠳ ᠤᠨ ᠶᠢᠡᠨ ᠭᠤᠸ᠎ᠠ ᠥᠵᠡᠰᠭᠦᠯᠡᠩ ᠢ ᠳᠡᠭ᠍ᠷᠢ ᠳᠤ ᠳᠤᠯᠳᠠᠯ᠎ᠠ ᠮᠠᠭᠳᠠᠵᠤ ᠵᠠᠯᠭᠢᠯᠠᠶ᠎ᠠ

ᠠᠯᠢᠪ ᠨᠠᠭᠠᠳᠤᠭᠢ ᠪᠠᠨ ᠳᠠᠳᠠᠴᠢᠬ᠎ᠠ

ᠠᠯᠢᠺᠠᠽᠠᠠᠳᠠᠷ ᠰᠡᠷᠭᠦᠭᠡᠶ᠎ᠡ ᠪᠢᠵᠠ᠃

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ