ᠶᠢᠰᠦᠨ ᠡᠷᠳᠡᠨᠢ ᠶᠢᠨ ᠤᠷᠤᠨ

ᠳᠠᠭᠤᠴᠢᠨ᠄ ᠫ᠊·ᠪᠠᠳᠠᠷᠴᠢ
ᠦᠭᠡ᠄ ᠫᠤᠨᠴᠤᠭ ᠤᠨ ᠪᠠᠳᠠᠷᠴᠢ
ᠴᠤᠮᠤᠭ ᠤᠨ ᠬᠠᠷᠢᠶ᠎ᠠ᠄ ᠶᠢᠰᠦᠨ ᠡᠷᠳᠡᠨᠢ ᠶᠢᠨ ᠤᠷᠤᠨ
ᠤᠷᠠᠯᠢᠭ ᠤᠨ ᠬᠤᠪᠢᠶᠠᠷᠢ᠄ ᠲᠤᠳᠤ ᠤᠩᠰᠢᠯᠭ᠎ᠠ
ᠳᠠᠷᠤᠮ᠄ 5622
ᠴᠠᠭ᠄ 2009 ᠤᠨ ᠤ 01 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ

ᠡᠭᠡᠯᠢᠭᠡᠨ ᠪᠦᠰᠡᠭᠦᠢ ᠶᠢᠨ ᠭᠢᠨᠢ ᠭᠤᠶᠤᠯ ᠨᠢ ᠰᠤᠪᠣᠤᠨ ᠡᠷᠳᠡᠨᠢ

ᠡᠷᠡᠯᠭᠡᠭ᠌ ᠠᠷᠠᠤᠨ ᠲᠦᠮᠡᠨ ᠤ ᠭᠢᠨᠢ ᠡᠪ ᠭᠠᠩ ᠡᠷᠳᠡᠨᠢ

ᠡᠭᠡ ᠣᠷᠤᠨ ᠳᠠ ᠮᠢᠨᠢ ᠶ‍ᠢᠰᠤᠨ ᠡᠷᠳᠡᠨᠢ᠃

1

ᠡᠷᠭᠢᠭᠦ ᠶᠡᠭᠡ ᠳᠡᠯᠡᠭᠡᠢ ᠶᠢᠨ ᠠᠭᠤᠯᠠ ᠣᠰᠤᠨ ᠳᠡᠭ᠍ᠰᠢᠭᠡᠨ

ᠢᠯᠴᠢ ᠭᠡᠷᠡᠯ ᠤᠨ ᠭᠠᠢ᠌ᠬᠠᠮᠰᠢᠭ ᠮᠠᠠᠳᠤᠭᠰᠠᠨ ᠨᠠᠷᠠ ᠠᠯᠳᠠᠨ ᠪᠢᠯᠠ

ᠡᠩ ᠦᠭᠡᠶ ᠦᠷᠭᠡᠨ ᠳᠠᠯ᠎ᠠ ᠶᠢᠨ ᠰᠢᠮᠠᠳᠤ ᠭᠦᠷᠦᠰᠤᠨ ᠳᠤ ᠲᠦᠯᠵᠢᠵᠤ

ᠡᠷᠳᠡᠨᠢ ᠶᠢᠨ ᠳᠦᠷᠦᠭᠦᠤ ᠰᠤᠭᠰᠤᠷᠠᠭᠤᠯᠤᠭᠰᠠᠨ ᠠᠮᠤ ᠳᠠᠷᠢᠶ᠎ᠠ ᠠᠯᠳᠠᠨ ᠪᠢᠯᠠ

ᠡᠨᠡ ᠰᠠᠢ᠌ᠬᠠᠨ ᠮᠤᠩᠭ᠋ᠤᠯ ᠤᠨ ᠣᠳᠤᠮ ᠵᠠᠯᠭᠠᠭᠰᠠᠨ ᠪᠦᠯᠢ

ᠡᠩᠭᠦᠷᠡᠢ ᠬᠤᠤᠰ ᠠᠮᠠᠷᠠᠭ ᠤᠨ ᠳᠤᠷᠠᠰᠬᠠᠯ ᠤᠨ ᠪᠦᠭᠡᠵᠢ ᠠᠯᠳᠠᠨ ᠪᠢᠯᠠ

ᠡᠨᠡᠷᠢᠯᠳᠤ ᠲᠦᠷᠦ ᠶᠢᠨ ᠳᠠᠯᠪᠠᠭᠠᠨ ᠳᠤ ᠡᠭᠡᠨᠡᠭ᠍ᠳᠡ ᠥᠩᠭᠡᠯᠢᠭ᠌ ᠭᠢᠯᠠᠯᠵᠠᠭᠰᠠᠨ

ᠡᠷᠳᠡᠨᠢ ᠶᠢᠨ ᠰᠤᠶᠤᠩᠪᠣ ᠥᠰᠦᠭ᠌ ᠡᠯᠡᠭ᠍ᠳᠡᠰᠢ ᠦᠭᠡᠶ ᠠᠯᠳᠠᠨ ᠪᠢᠯᠠ᠃

ᠠᠰᠤᠷᠤ ᠭᠡᠭᠡᠨ ᠨᠠᠷᠠ ᠨᠢ ᠠᠯᠳᠠ

ᠠᠴᠢᠳᠤ ᠲᠦᠷᠦ ᠶᠢᠨ ᠰᠦᠯᠳᠡ ᠨᠢ ᠠᠯᠳᠠ

ᠠᠷᠪᠠᠢ ᠶᠢᠨ ᠲᠦᠮᠡᠨ ᠳᠦᠷᠦᠭᠦᠤ ᠨᠢ ᠠᠯᠳᠠ

ᠠᠮᠠᠷᠠᠭ ᠬᠤᠤᠰ ᠤᠨ ᠳᠤᠷᠠᠰᠬᠠᠯ ᠨᠢ ᠠᠯᠳᠠ

ᠮᠢᠨᠤ ᠡᠭᠡ ᠣᠷᠤᠨ ᠠᠯᠳᠠᠨ ᠡᠷᠳᠡᠨᠢ ᠶᠢᠨ ᠪᠢᠯᠠ᠃

2

ᠰᠠᠪᠠ ᠪᠠᠨ ᠳᠦᠭᠦᠷᠡᠩ ᠮᠡᠯᠳᠡᠯᠴᠡᠭᠦ ᠣᠨᠤᠨ᠂ ᠭᠡᠷᠦᠯᠤᠨ ᠤ ᠣᠷᠤᠰᠬᠠᠯ

ᠰᠠᠷᠠ ᠲᠡᠶ ᠰᠦᠨᠢ ᠪᠠᠷ ᠠᠴᠢᠬᠤ ᠳᠤ ᠮᠥᠩᠭᠦᠨ ᠭᠡ ᠲᠡᠶ ᠪᠠᠢ᠌ᠪᠠ

ᠰᠠᠭᠠᠯᠢ ᠶᠢᠨ ᠶᠢᠡᠨ ᠳᠡᠭᠡᠵᠢ ᠶᠢ ᠡᠷᠭᠦᠵᠤ᠂ ᠠᠶᠠᠨ ᠳᠤ ᠭᠦᠤ ᠪᠠᠨ ᠥᠳᠡᠭ᠍ᠰᠡᠨ

ᠰᠠᠨᠠᠭ᠎ᠠ ᠨᠢ ᠰᠥ᠋ ᠡᠭᠡ ᠶᠢᠨ ᠰᠠᠴᠤᠯᠢ ᠶᠢᠨ ᠬᠠᠯᠪᠠᠭ᠎ᠠ ᠮᠥᠩᠭᠦᠨ ᠪᠠᠢ᠌ᠪᠠ

ᠰᠠᠢ᠌ᠨ ᠤ ᠢᠷᠦᠭᠡᠯ ᠳᠤᠭᠳᠠᠭᠠᠵᠤ ᠬᠤᠶᠠᠷ ᠭᠠᠷ ᠲᠠᠭᠠᠨ ᠪᠠᠷᠢᠭᠰᠠᠨ

ᠰᠠᠢ᠌ᠬᠠᠨ ᠬᠤᠤᠰ ᠵᠠᠯᠠᠭᠤᠰ ᠤᠨ ᠬᠤᠷᠢᠮ ᠤᠨ ᠬᠤᠠᠳᠠᠭ᠎ᠠ ᠮᠥᠩᠭᠦᠨ ᠪᠠᠢ᠌ᠪᠠ

ᠰᠠᠭᠠᠳᠠᠵᠤ ᠠᠯᠤᠰ ᠲᠤ ᠰᠠᠭᠤᠭᠠᠤᠨ᠂ ᠠᠪᠣ ᠳᠠᠭᠠᠨ ᠣᠴᠢᠵᠤ ᠵᠤᠯᠭᠠᠪᠠᠯ

ᠰᠠᠨᠠᠭᠰᠠᠨ ᠡᠴᠢᠭᠡ ᠶᠢᠨ ᠵᠡᠭᠡᠭ᠍ᠰᠡᠨ ᠡᠮᠡᠭᠡᠯ ᠮᠥᠩᠭᠦᠨ ᠪᠠᠢ᠌ᠪᠠ᠃

ᠡᠴᠢᠭᠡ ᠶᠢᠨ ᠵᠡᠭᠡᠭ᠍ᠰᠡᠨ ᠡᠮᠡᠭᠡᠯ ᠨᠢ ᠮᠥᠩᠭᠦᠨ

ᠡᠵᠢ ᠶᠢᠨ ᠰᠠᠴᠤᠯᠢ ᠶᠢᠨ ᠬᠠᠯᠪᠠᠭ᠎ᠠ ᠨᠢ ᠮᠥᠩᠭᠦᠨ

ᠰᠠᠷᠠ ᠨᠠᠭᠠᠳᠤᠭᠰᠠᠨ ᠣᠰᠤ ᠨᠢ ᠮᠥᠩᠭᠦᠨ

ᠰᠠᠷᠬᠤᠤᠨ ᠮᠡᠯᠳᠡᠯᠵᠡᠭ᠍ᠰᠡᠨ ᠬᠤᠠᠳᠠᠭ᠎ᠠ ᠨᠢ ᠮᠥᠩᠭᠦᠨ

ᠮᠢᠨᠤ ᠡᠭᠡ ᠣᠷᠤᠨ ᠮᠥᠩᠭᠦᠨ ᠡᠷᠳᠡᠨᠢ ᠶᠢᠨ ᠪᠢᠯᠠ᠃

3

ᠣᠯᠤᠰ ᠤᠨ ᠶᠢᠡᠨ ᠵᠠᠶᠠᠭ᠎ᠠ ᠶᠢ ᠲᠦᠰᠢᠵᠤ ᠬᠤᠪᠢᠰᠬᠠᠯᠴᠢ ᠠᠬ᠎ᠠ ᠨᠡᠷ ᠤᠨ

ᠣᠤᠬᠠᠢ᠌ᠯᠠᠨ ᠮᠠᠠᠳᠤᠭᠤᠯᠤᠭᠰᠠᠨ ᠳᠤᠭ ᠱᠢᠷᠤᠨ ᠠᠳᠠᠯᠢ ᠣᠯᠠᠭᠠᠨ ᠪᠢᠯᠠ

ᠣᠯᠠᠮᠵᠢ ᠡᠷᠳᠡᠨ ᠡᠴᠡ ᠳᠡᠭᠡᠳᠦᠯᠡᠭ᠍ᠰᠡᠨ ᠮᠤᠩᠭ᠋ᠤᠯ ᠭᠦᠮᠤᠨ ᠤ ᠭᠤᠯᠤᠮᠳᠠ

ᠣᠭᠠᠯᠵᠠ ᠲᠦᠯᠤᠳᠤ ᠭᠠᠯ ᠮᠢᠨᠢ ᠱᠢᠷᠤ ᠠᠳᠠᠯᠢ ᠣᠯᠠᠭᠠᠨ ᠪᠢᠯᠠ

ᠣᠳᠤᠮ ᠡᠴᠡ ᠪᠣᠶᠠᠨ ᠳᠡᠭᠦᠰ ᠦᠷᠦᠭᠡ ᠴᠠᠭᠠᠨ ᠭᠡᠷ ᠤᠨ ᠮᠢᠨᠢ

ᠣᠨᠢ ᠳᠤᠭᠤᠨᠤ ᠪᠦᠭᠦᠯᠢ ᠪᠠᠷ ᠶᠢᠡᠨ ᠱᠢᠷᠤ ᠠᠳᠠᠯᠢ ᠳᠤᠶᠠᠭᠠᠷᠠᠨ᠎ᠠ ᠪᠢᠯᠠ

ᠠᠭᠤᠯᠠ ᠣᠰᠤᠨ ᠤ ᠰᠠᠪᠠ ᠳᠤ ᠣᠷᠠᠨ ᠪᠠᠶ᠎ᠠ ᠨᠠᠢ᠌ᠭᠤᠯᠤᠭᠰᠠᠨ

ᠣᠳᠠᠪᠠᠯ᠎ᠠ ᠴᠡᠴᠡᠭ᠌ ᠤᠨ ᠳᠡᠯᠪᠠᠭᠡ ᠱᠢᠷᠤ ᠠᠳᠠᠯᠢ ᠲᠦᠯᠤᠳᠠᠨ ᠪᠢᠯᠠ᠃

ᠬᠤᠷ᠎ᠠ ᠶᠢᠨ ᠣᠯᠠᠭᠠᠨ ᠴᠡᠴᠡᠭ᠌ ᠨᠢ ᠱᠢᠷᠤ

ᠬᠤᠪᠢᠰᠬᠠᠯ ᠤᠨ ᠣᠯᠠᠭᠠᠨ ᠳᠤᠭ ᠨᠢ ᠱᠢᠷᠤ

ᠬᠤᠷᠯᠤ ᠣᠯᠠᠭᠠᠨ ᠳᠤᠭᠤᠨᠤ ᠨᠢ ᠱᠢᠷᠤ

ᠮᠢᠨᠤ ᠡᠭᠡ ᠣᠷᠤᠨ ᠱᠢᠷᠤ ᠡᠷᠳᠡᠨᠢ ᠶᠢᠨ ᠪᠢᠯᠠ᠃

4

ᠦᠷᠭᠡᠨ ᠳᠠᠯ᠎ᠠ ᠶᠢᠨ ᠡᠯᠢᠭᠡᠨ ᠳᠤ ᠴᠢᠠᠳᠠᠮᠤᠨᠢᠯᠠᠨ ᠪᠠᠭᠤᠭᠰᠠᠨ

ᠦᠷᠦᠭᠡ ᠭᠡᠷ ᠤᠳ ᠮᠢᠨᠢ ᠳᠠᠨᠠᠨ ᠥᠩᠭᠡ ᠪᠠᠷ ᠴᠠᠪ ᠴᠠᠢ᠌ᠨ᠎ᠠ

ᠦᠴᠢᠨᠠᠨ ᠦᠶ᠎ᠡ ᠶᠢ ᠡᠯᠡᠭᠡᠭ᠍ᠰᠡᠨ ᠬᠠᠩᠭ᠋ᠠᠢ ᠶᠢᠨ ᠪᠣᠭᠤᠷᠤᠯ ᠠᠭᠤᠯᠠᠰ ᠤᠨ

ᠡᠪᠦᠭᠡᠨ ᠴᠠᠰᠤᠳᠤ ᠣᠷᠭᠢᠯ ᠳᠠᠨᠠᠨ ᠥᠩᠭᠡ ᠪᠠᠷ ᠴᠠᠭᠠᠷᠠᠨ᠎ᠠ

ᠦᠯᠵᠡᠢ᠌ᠳᠤ ᠢᠷᠦᠭᠡᠯ ᠪᠠᠯᠭᠡᠳᠡᠵᠤ᠂ ᠦᠨᠢᠷ ᠪᠣᠭᠤᠷᠤᠯ ᠡᠭᠡ ᠶᠢᠨ

ᠡᠷᠭᠦᠭ᠍ᠰᠡᠨ ᠰᠦᠨ ᠤ ᠳᠤᠰᠤᠯ ᠳᠠᠨᠠᠨ ᠥᠩᠭᠡ ᠪᠠᠷ ᠰᠠᠴᠤᠷᠠᠨ᠎ᠠ

ᠦᠨᠦᠳᠤᠷ ᠤᠨ ᠰᠠᠢ᠌ᠬᠠᠨ ᠦᠶ᠎ᠡ ᠶᠢᠨ ᠪᠠᠳᠤ ᠴᠠᠭᠠᠨ ᠬᠠᠷᠰᠢ ᠨᠤᠭᠤᠳ

ᠦᠪᠯᠠᠵᠤ ᠬᠣᠢ᠌ᠴᠢ ᠳᠠᠭᠠᠨ ᠥᠯᠡᠳᠡᠭᠡᠭᠦ ᠳᠠᠨᠠᠨ ᠡᠷᠳᠡᠨᠢ ᠪᠢᠯᠠ᠃

ᠬᠠᠢ᠌ᠷ᠎ᠠ ᠶᠢᠨ ᠴᠠᠭᠠᠨ ᠰᠥ᠋ ᠨᠢ ᠳᠠᠨ᠎ᠠ

ᠬᠠᠨᠠᠳᠤ ᠴᠠᠭᠠᠨ ᠭᠡᠷ ᠨᠢ ᠳᠠᠨ᠎ᠠ

ᠬᠠᠩᠭ᠋ᠠᠢ ᠶᠢᠨ ᠴᠠᠭᠠᠨ ᠣᠷᠭᠢᠯ ᠨᠢ ᠳᠠᠨ᠎ᠠ

ᠬᠠᠰ ᠤᠨ ᠴᠠᠭᠠᠨ ᠣᠷᠳᠤ ᠨᠢ ᠳᠠᠨ᠎ᠠ

ᠮᠢᠨᠤ ᠡᠭᠡ ᠣᠷᠤᠨ ᠳᠠᠨ᠎ᠠ ᠡᠷᠳᠡᠨᠢ ᠶᠢᠨ ᠪᠢᠯᠠ᠃

5

ᠡᠭᠦᠯᠡ ᠦᠭᠡᠶ ᠰᠦᠨᠢ ᠶᠢᠨ ᠳᠡᠭ᠍ᠷᠢ ᠳᠤ ᠰᠦᠨ ᠵᠠᠭᠠᠳᠠᠰᠤ ᠳᠠᠳᠠᠭᠤᠯᠵᠤ

ᠦᠪᠴᠢ ᠳᠦᠭᠡᠭ᠍ᠰᠡᠨ ᠣᠳᠤᠳ ᠰᠤᠪᠣᠤᠨ ᠠᠳᠠᠯᠢ ᠭᠢᠯᠠᠯᠵᠠᠨ᠎ᠠ

ᠥᠶᠡᠯᠡᠭᠡ ᠳᠠᠳᠠᠭᠰᠠᠨ ᠳᠠᠯ᠎ᠠ ᠶᠢᠨ ᠡᠩ ᠶᠢᠡᠷ ᠳᠠᠷᠬᠠᠨ ᠪᠠᠯᠴᠢᠭ᠍ᠰᠡᠨ

ᠦᠷᠠᠵᠢᠯᠳᠤ ᠬᠤᠨᠢᠨ ᠰᠥᠷᠦᠭ᠌ ᠮᠢᠨᠢ ᠰᠤᠪᠣᠤᠠᠷᠠᠩᠬᠠᠨ ᠨᠠᠯᠣᠢ᠌ᠨ᠎ᠠ

ᠦᠨᠦᠷᠳᠤ ᠳᠠᠩᠰᠤᠭ ᠡᠪᠠᠰᠤᠨ ᠤ ᠰᠢᠷᠭᠡᠭ᠌ ᠳᠤᠭᠠᠯᠠᠨ ᠪᠠᠭᠤᠭᠰᠠᠨ

ᠦᠷ ᠤᠨ ᠠᠷᠢᠭᠤᠨ ᠰᠢᠭᠦᠳᠡᠷᠢ ᠰᠤᠪᠣᠤᠨ ᠤᠨ ᠳᠠᠯᠠᠢ ᠪᠠᠢ᠌ᠨ᠎ᠠ

ᠦᠷ᠎ᠡ ᠪᠣᠶᠠᠨ ᠤ 《ᠳᠡᠭ᠍ᠷᠢ》 ᠰᠠᠭᠠᠯᠢᠴᠢᠨ ᠮᠤᠩᠭ᠋ᠤᠯ ᠭᠡᠦᠭᠡᠨ ᠤ

ᠦᠰᠦᠨ ᠤ ᠭᠤᠶᠤᠬᠠᠨ ᠳᠠᠷᠤᠭᠤᠯᠭ᠎ᠠ ᠰᠤᠪᠣᠤᠨ ᠤᠨ ᠭᠡ ᠲᠡᠶ ᠪᠠᠢ᠌ᠨ᠎ᠠ᠃

ᠭᠦᠭᠡ ᠳᠡᠭ᠍ᠷᠢ ᠶᠢᠨ ᠭᠢᠨᠢ ᠣᠳᠤᠳ ᠰᠤᠪᠣᠤᠨ

ᠭᠦᠳᠡᠭᠡ ᠳᠠᠯ᠎ᠠ ᠶᠢᠨ ᠭᠢᠨᠢ ᠰᠥᠷᠦᠭ᠌ ᠰᠤᠪᠣᠤᠨ

ᠡᠩᠭᠡ ᠦᠷ ᠤᠨ ᠭᠢᠨᠢ ᠰᠢᠭᠦᠳᠡᠷᠢ ᠰᠤᠪᠣᠤᠨ

ᠡᠭᠡᠯ ᠰᠠᠭᠠᠯᠢᠴᠢᠨ ᠤ ᠭᠢᠨᠢ ᠭᠤᠶᠤᠯ ᠰᠤᠪᠣᠤᠨ

ᠮᠢᠨᠤ ᠡᠭᠡ ᠣᠷᠤᠨ ᠰᠤᠪᠣᠤᠨ ᠡᠷᠳᠡᠨᠢ ᠶᠢᠨ ᠪᠢᠯᠠ᠃

6

ᠡᠷ᠎ᠡ ᠪᠠᠶ᠎ᠠ ᠶᠢᠨ ᠭᠡᠢ᠌ᠮᠦᠷᠢ ᠰᠡᠷᠭᠦᠵᠤ ᠦᠷ ᠤᠨ ᠳᠠᠯ᠎ᠠ ᠳᠤ ᠳᠠᠭᠢᠪᠠᠯ

ᠡᠩ ᠦᠭᠡᠶ ᠳᠡᠭ᠍ᠷᠢ ᠵᠡᠭᠦᠨ ᠡᠴᠡ ᠵᠠᠰ ᠤᠨ ᠥᠩᠭᠡ ᠪᠠᠷ ᠬᠠᠶᠠᠭᠠᠷᠠᠯ᠎ᠠ

ᠡᠭᠡᠯᠢᠳᠤ ᠰᠥᠷᠦᠭ᠌ ᠶᠢᠡᠨ ᠬᠤᠷᠢᠶᠠᠵᠤ ᠦᠳᠡᠰᠢ ᠶᠢᠨ ᠬᠤᠳᠠᠨ ᠳᠤ ᠢᠷᠠᠪᠠᠯ

ᠡᠨᠡᠳᠡᠭᠡᠭᠢ ᠡᠭᠦᠯᠡᠰ ᠤᠨ ᠬᠤᠷᠮᠤᠢ ᠵᠠᠰ ᠡᠮᠵᠢᠶᠡᠷᠢ ᠳᠠᠳᠠᠯ᠎ᠠ

ᠡᠭᠡᠰᠢᠭ᠍ᠳᠤ ᠳᠠᠭᠤᠤ ᠪᠠᠨ ᠠᠶᠠᠯᠠᠵᠤ ᠠᠢ᠌ᠷᠠᠭ ᠶᠢᠡᠨ ᠠᠶᠠᠭᠠᠯᠠᠨ ᠰᠠᠭᠤᠪᠠᠯ

ᠢᠳᠡᠭᠡ ᠰᠥᠩᠨᠡᠭ᠍ᠰᠡᠨ ᠬᠤᠪᠢᠩ ᠵᠠᠰ ᠪᠦᠰᠡ ᠲᠡᠶ ᠪᠠᠢ᠌ᠯ᠎ᠠ

ᠡᠩᠭᠡ ᠶᠢᠨ ᠶᠡᠭᠡ ᠣᠷᠳᠤᠨ ᠤ ᠭᠤᠩ ᠨᠢᠷᠤᠭᠤ ᠬᠤᠯᠪᠣᠵᠤ

ᠡᠪ ᠤᠨ ᠭᠠᠩᠨᠠᠭᠤᠷ ᠳᠠᠯᠪᠢᠪᠠᠯ ᠵᠠᠰ ᠤᠨ ᠥᠩᠭᠡ ᠪᠠᠷ ᠰᠠᠴᠤᠷᠠᠯ᠎ᠠ᠃

ᠰᠠᠭᠠᠯᠢ ᠶᠢᠨ ᠬᠤᠪᠢᠩ ᠤᠨ ᠪᠦᠰᠡ ᠨᠢ ᠵᠠᠰ

ᠰᠠᠢ᠌ᠨ ᠭᠠᠩᠨᠠᠭᠤᠷ ᠤᠨ ᠣᠴᠢ ᠨᠢ ᠵᠠᠰ

ᠣᠩᠭ᠋ᠤᠨ ᠦᠷ ᠤᠨ ᠳᠤᠶᠠᠭ᠎ᠠ ᠨᠢ ᠵᠠᠰ

ᠣᠷᠤᠢ ᠶᠢᠨ ᠡᠭᠦᠯᠡᠰ ᠤᠨ ᠬᠠᠶᠠᠭ᠎ᠠ ᠨᠢ ᠵᠠᠰ

ᠮᠢᠨᠤ ᠡᠭᠡ ᠣᠷᠤᠨ ᠵᠠᠰ ᠡᠷᠳᠡᠨᠢ ᠶᠢᠨ ᠪᠢᠯᠠ᠃

7

ᠣᠬᠠᠭᠠᠨ ᠰᠠᠨᠠᠭ᠎ᠠ ᠴᠡᠯᠮᠡᠭᠦ ᠠᠭᠤᠯᠠᠰ ᠤᠨ ᠶᠢᠡᠨ ᠭᠢᠷ᠎ᠠ ᠳᠤ ᠭᠠᠷᠪᠠᠯ

ᠣᠷᠭᠤᠭ᠎ᠠ ᠰᠤᠮᠤ ᠰᠢᠭ ᠭᠠᠴᠤᠷ᠎ᠠ ᠤᠭ᠍ᠶᠤ ᠨᠤᠭᠤᠭᠠᠨ ᠪᠠᠢ᠌ᠪᠠ

ᠠᠭᠤᠳᠠᠮ ᠳᠠᠯ᠎ᠠ ᠳᠠᠭᠠᠨ ᠢᠷᠡᠭᠡᠳ ᠳᠦᠷᠦᠭᠡ ᠮᠤᠯᠳᠤᠯᠤᠨ ᠪᠠᠭᠤᠪᠠᠯ

ᠣᠷᠢᠬᠠᠨ ᠨᠠᠮᠤᠷ ᠤᠨ ᠭᠠᠩᠭ᠋᠎ᠠ ᠨᠢ ᠤᠭ᠍ᠶᠤ ᠨᠤᠭᠤᠭᠠᠨ ᠪᠠᠢ᠌ᠪᠠ

ᠣᠷᠠᠨ ᠪᠢᠳᠠᠷ ᠳᠠᠳᠠᠬᠤ ᠨᠠᠭᠤᠷ ᠶᠢᠡᠨ ᠭᠦᠪᠠᠭᠡᠯᠡᠨᠡᠡᠯᠭᠦᠪᠠᠯ

ᠣᠰᠤᠨ ᠤ ᠴᠡᠭᠡᠯ ᠳᠤ ᠵᠠᠮᠠᠭ ᠨᠢ ᠤᠭ᠍ᠶᠤ ᠨᠤᠭᠤᠭᠠᠨ ᠪᠠᠢ᠌ᠪᠠ

ᠣᠨᠠᠭᠠᠨ ᠭᠦᠯᠦᠭ᠌ ᠶᠢᠡᠨ ᠬᠠᠠᠳᠤᠷᠴᠤ ᠡᠮᠡᠭᠡᠯ ᠤᠨ ᠳᠦᠷᠦᠭᠡ ᠠᠪᠣᠪᠠᠯ

ᠣᠭᠠᠯᠵᠠ ᠰᠢᠷᠢᠯᠡᠭ᠍ᠰᠡᠨ ᠭᠦᠯᠢᠮ ᠨᠢ ᠤᠭ᠍ᠶᠤ ᠨᠤᠭᠤᠭᠠᠨ ᠪᠠᠢ᠌ᠪᠠ᠃

ᠣᠰᠤᠨ ᠤ ᠵᠥᠭᠡᠯᠡᠨ ᠵᠠᠮᠠᠭ ᠨᠢ ᠤᠭ᠍ᠶᠤ

ᠣᠭᠠᠯᠵᠠ ᠰᠢᠷᠢᠯᠡᠭ᠍ᠰᠡᠨ ᠭᠦᠯᠢᠮ ᠨᠢ ᠴᠤ ᠤᠭ᠍ᠶᠤ

ᠣᠷᠢᠬᠠᠨ ᠨᠠᠮᠤᠷ ᠤᠨ ᠭᠠᠩᠭ᠋᠎ᠠ ᠨᠢ ᠤᠭ᠍ᠶᠤ

ᠠᠭᠤᠯᠠᠰ ᠤᠨ ᠰᠠᠢ᠌ᠬᠠᠨ ᠭᠠᠴᠤᠷ᠎ᠠ ᠨᠢ ᠤᠭ᠍ᠶᠤ

ᠮᠢᠨᠤ ᠡᠭᠡ ᠣᠷᠤᠨ ᠤᠭ᠍ᠶᠤ ᠡᠷᠳᠡᠨᠢ ᠶᠢᠨ ᠪᠢᠯᠠ᠃

8

ᠭᠦᠤ ᠮᠢᠨᠤ ᠵᠠᠶᠠᠭᠠᠨ ᠳᠤ ᠡᠭᠡ ᠶᠢᠨ ᠰᠥ᠋ ᠰᠢᠭ᠌ ᠠᠷᠢᠭᠤᠨ

ᠭᠦᠰᠡᠯ ᠤᠨ ᠰᠠᠢ᠌ᠬᠠᠨ ᠳᠡᠭ᠍ᠷᠢ ᠨᠤᠮᠢᠨ ᠴᠡᠩᠭᠡᠷ ᠶᠤᠮ

ᠭᠦᠯᠦᠭ᠌ ᠮᠤᠷᠢᠨ ᠭᠦᠶ‍ᠦᠭᠦ ᠬᠠᠪᠣᠷ ᠤᠨ ᠨᠠᠯᠠᠭᠠᠷ ᠡᠳᠦᠷ

ᠭᠦᠷᠢᠶᠡᠯᠡᠭ᠍ᠰᠡᠨ ᠳᠠᠯ᠎ᠠ ᠶᠢᠨ ᠵᠡᠷᠭᠡᠯᠭᠡᠨ ᠨᠤᠮᠢᠨ ᠴᠡᠩᠭᠡᠷ ᠶᠤᠮ

ᠭᠦᠢᠳᠡᠨ ᠡᠪᠦᠯ ᠢ ᠬᠠᠯᠠᠭᠰᠠᠨ ᠳᠤᠯᠠᠭᠠᠨ ᠴᠠᠭ ᠤᠨ ᠪᠠᠯᠭᠡᠳᠡᠯ

ᠭᠡᠦᠰᠢ ᠳᠤ ᠣᠷᠭᠤᠭᠰᠠᠨ ᠢᠷᠭᠤᠢ ᠨᠤᠮᠢᠨ ᠴᠡᠩᠭᠡᠷ ᠶᠤᠮ

ᠭᠦᠮᠤᠨ ᠤ ᠳᠡᠭᠡᠳᠤ ᠠᠪᠣ ᠳᠠᠭᠠᠨ ᠰᠢᠨ᠎ᠠ ᠶᠢᠨ ᠨᠢᠭᠡᠨ ᠳᠤ ᠵᠤᠯᠭᠠᠬᠤ ᠳᠠᠭᠠᠨ

ᠭᠦᠡᠳᠡᠯᠡᠨ ᠪᠠᠷᠢᠭᠰᠠᠨ ᠬᠠᠳᠠᠭ ᠨᠤᠮᠢᠨ ᠴᠡᠩᠭᠡᠷ ᠶᠤᠮ᠃

ᠡᠷᠭᠡᠰ ᠤᠨ ᠴᠡᠩᠭᠡᠷ ᠳᠡᠭ᠍ᠷᠢ ᠨᠢ ᠨᠤᠮᠢᠨ

ᠶ‍ᠸᠯᠸᠢ ᠶᠢᠨ ᠴᠡᠩᠭᠡᠷ ᠵᠡᠷᠭᠡᠯᠭᠡᠨ ᠨᠢ ᠨᠤᠮᠢᠨ

ᠡᠭᠢᠨ ᠤ ᠴᠡᠩᠭᠡᠷ ᠴᠡᠴᠡᠭ᠌ ᠨᠢ ᠨᠤᠮᠢᠨ

ᠡᠩᠭᠡ ᠴᠡᠩᠭᠡᠷ ᠬᠠᠳᠠᠭ ᠨᠢ ᠨᠤᠮᠢᠨ

ᠮᠢᠨᠤ ᠡᠭᠡ ᠣᠷᠤᠨ ᠨᠤᠮᠢᠨ ᠡᠷᠳᠡᠨᠢ ᠶᠢᠨ ᠪᠢᠯᠠ᠃

9

ᠡᠷᠡᠮᠡᠭ᠌ ᠭᠦᠯᠦᠭ᠌ ᠮᠤᠷᠢ ᠮᠢᠨᠢ ᠬᠠᠵᠠᠭᠠᠷ ᠳᠠᠷᠤᠨ ᠬᠠᠳᠠᠷᠢᠬᠤ ᠳᠤ

ᠡᠭᠡᠰᠢᠭ᠌ ᠰᠢᠭ᠍ᠰᠢᠭ᠌ ᠳᠠᠳᠠᠬᠤ ᠠᠮᠠᠭᠠᠢ ᠵᠤᠤᠵᠠᠢ ᠨᠢ ᠭᠠᠩ ᠪᠢᠯᠠ

ᠢᠯᠴᠢ ᠭᠡᠷᠡᠯ ᠦᠷᠳᠡᠭᠡᠯᠡᠭ᠍ᠰᠡᠨ ᠠᠪᠣᠷᠭᠤ ᠶᠡᠭᠡ ᠠᠯᠬᠤᠭ᠎ᠠ

ᠡᠷᠴᠢᠮ ᠤᠨ ᠪᠠᠭᠠᠨ᠎ᠠ ᠳᠤ ᠪᠠᠭᠢᠯᠡᠭ᠍ᠰᠡᠨ ᠵᠢᠷᠭᠤᠭᠠᠨ ᠣᠳᠠᠰᠤ ᠭᠠᠩ ᠪᠢᠯᠠ

ᠡᠭᠡ ᠰᠠᠢ᠌ᠬᠠᠨ ᠣᠷᠤᠨ ᠤ ᠪᠠᠨ ᠳᠠᠷᠬᠠᠨ ᠭᠢᠯᠢ ᠶᠢᠨ ᠬᠠᠷᠠᠭᠤᠯ

ᠡᠷ᠎ᠡ ᠴᠡᠴᠡᠭ᠌ ᠤᠨ ᠵᠡᠪᠰᠡᠭ᠌ ᠡᠮᠳᠡᠷᠡᠰᠢ ᠦᠭᠡᠶ ᠢᠯᠳᠤ ᠨᠢ ᠭᠠᠩ ᠪᠢᠯᠠ

ᠡᠷᠭᠢᠮ ᠠᠯᠳᠠᠷ ᠶᠢᠡᠨ ᠪᠠᠳᠠᠷᠠᠭᠤᠯᠤᠭᠰᠠᠨ ᠦᠨᠢᠷ ᠥᠭᠡᠳᠡᠷᠡᠭ᠌ ᠲᠦᠮᠡᠨ

ᠡᠷᠡᠯᠭᠡᠭ᠌ ᠮᠤᠩᠭ᠋ᠤᠯ ᠠᠷᠠᠤᠨ ᠤᠨ ᠡᠪ ᠨᠢ ᠭᠠᠩ ᠪᠢᠯᠠ᠃

ᠣᠷᠠᠨ ᠬᠠᠵᠠᠭᠠᠷ ᠤᠨ ᠠᠮᠠᠭᠠᠢ ᠨᠢ ᠭᠠᠩ

ᠣᠷᠤᠰᠬᠠᠯ ᠭᠡᠷᠡᠯ ᠤᠨ ᠣᠳᠠᠰᠤ ᠨᠢ ᠭᠠᠩ

ᠡᠷ᠎ᠡ ᠴᠡᠷᠢᠭ᠌ ᠤᠨ ᠭᠢᠨᠢ ᠵᠡᠪᠰᠡᠭ᠌ ᠭᠠᠩ

ᠡᠷᠭᠡᠳᠤ ᠠᠷᠠᠤᠨ ᠤᠨ ᠭᠢᠨᠢ ᠡᠪ ᠭᠠᠩ

ᠮᠢᠨᠤ ᠡᠭᠡ ᠣᠷᠤᠨ ᠭᠠᠩ ᠡᠷᠳᠡᠨᠢ ᠶᠢᠨ ᠪᠢᠯᠠ᠃

ᠮᠡᠷᠭᠡᠳ ᠰᠡᠴᠡᠯᠡᠭ᠍ᠰᠡᠨ ᠳᠠᠯᠠᠢ ᠭᠦᠯᠭᠡᠨ ᠶᠡᠭᠡ ᠰᠤᠳᠤᠷ ᠢ

ᠮᠢᠨᠤ ᠠᠷᠠᠤᠨ ᠲᠦᠮᠡᠨ ᠶ‍ᠢᠰᠤᠨ ᠡᠷᠳᠡᠨᠢ ᠪᠠᠷ ᠪᠢᠴᠢᠳᠡᠭ᠌ ᠪᠢᠯᠠ

ᠮᠥᠩᠭᠡ ᠪᠣᠰᠤ ᠶᠢ ᠳᠠᠭᠠᠭᠰᠠᠨ ᠠᠴᠢᠳᠤ ᠪᠣᠭᠤᠷᠤᠯ ᠶᠢᠡᠨ ᠭᠦᠡᠳᠦᠯᠡᠵᠤ

ᠮᠢᠨᠤ ᠠᠷᠠᠤᠨ ᠲᠦᠮᠡᠨ ᠶ‍ᠢᠰᠤᠨ ᠡᠷᠳᠡᠨᠢ ᠳᠡᠪᠢᠰᠳᠡᠭ᠌ ᠪᠢᠯᠠ

ᠮᠥᠭᠦᠯ ᠦᠭᠡᠶ ᠡᠷᠳᠡᠨᠢ ᠶᠢᠨ ᠳᠡᠭᠡᠵᠢ ᠶ‍ᠢᠰᠤᠨ ᠡᠷᠳᠡᠮ ᠳᠡᠭᠦᠰ

ᠮᠢᠨᠤ ᠠᠷᠠᠤᠨ ᠲᠦᠮᠡᠨ ᠣᠯᠤᠰ ᠶᠢᠡᠨ ᠪᠠᠳᠠᠷᠠᠭᠤᠯᠵᠤ ᠶᠠᠪᠣᠭ᠎ᠠ ᠪᠢᠯᠠ

ᠮᠥᠷᠦᠭᠡᠰᠦᠯ ᠭᠦᠰᠡᠯ ᠤᠨ ᠳᠡᠭᠡᠳᠤ ᠡᠪ ᠬᠠᠮᠳᠤ ᠳᠤ ᠭᠦᠷᠴᠤ

ᠮᠢᠨᠤ ᠠᠷᠠᠤᠨ ᠲᠦᠮᠡᠨ ᠤ ᠶ‍ᠢᠰᠤᠨ ᠭᠦᠰᠡᠯ ᠪᠦᠳᠦᠭᠦ ᠪᠢᠯᠠ᠃

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ