ᠠᠮᠢᠨ ᠬᠠᠢᠷ᠎ᠠ ᠲᠠᠢ ᠦᠬᠢᠨ

ᠳᠠᠭᠤᠴᠢᠨ᠄ ᠪᠦᠬᠦ ᠤᠳᠤᠳ
ᠴᠤᠮᠤᠭ ᠤᠨ ᠬᠠᠷᠢᠶ᠎ᠠ᠄ ᠬᠠᠮ ᠴᠤᠭᠯᠠᠷᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 12418
ᠴᠠᠭ᠄ 2007 ᠤᠨ ᠤ 09 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ

ᠱᠤᠤᠭᠢᠮ᠎ᠠ ᠰᠠᠯᠭᠢᠨ ᠳᠤ ᠢᠯᠪᠢᠭᠦᠯᠦᠭ᠍ᠰᠡᠨ

ᠳᠠᠩᠰᠤᠭ ᠣᠶᠠᠬᠠᠨ ᠴᠡᠴᠡᠭ᠌ ᠮᠢᠨᠢ

ᠵᠢᠷᠦᠭᠡ ᠰᠡᠳᠭᠢᠯ ᠡᠴᠡ ᠳᠡᠯᠪᠢᠯᠡᠭ᠍ᠰᠡᠨ

ᠳᠠᠩᠭᠢᠯ ᠭᠦᠭᠡᠷᠦᠭᠦᠨ ᠦᠬᠢᠨ ᠮᠢᠨᠢ

    ᠡᠷᠭᠡ ᠯᠠ ᠶᠤᠮ ᠰᠢᠤ ᠭᠡᠳ

    ᠰᠡᠳᠭᠢᠯ ᠡᠴᠡ ᠪᠠᠨ ᠣᠷᠭᠤᠭᠤᠯᠤᠭᠰᠠᠨ

    ᠡᠮᠡᠨᠢᠭ᠌ ᠶᠤᠮ ᠰᠢᠤ ᠭᠡᠳ

    ᠵᠢᠷᠦᠭᠡ ᠰᠡᠳᠭᠢᠯ ᠳᠡᠭᠡᠨ ᠳᠡᠭᠡᠭᠡᠭ᠍ᠰᠡᠨ

ᠪᠢᠴᠢᠬᠠᠨ ᠵᠢᠷᠦᠭᠡᠨ ᠤ ᠦᠬᠢᠨ ᠮᠢᠨᠢ

ᠡᠵᠢ ᠶᠢᠨ ᠬᠠᠢ᠌ᠷᠠᠳᠠᠢ ᠴᠡᠴᠡᠭ᠌ ᠮᠢᠨᠢ

ᠨᠠᠮᠤᠷ ᠤᠨ ᠰᠠᠯᠭᠢᠨ ᠳᠤ ᠭᠠᠩᠳᠠᠬᠤ ᠦᠭᠡᠶ

ᠨᠠᠷᠠᠳᠤ ᠳᠤ ᠮᠥᠩᠭᠡ ᠶᠢᠨ ᠰᠠᠷᠨᠠᠢ ᠮᠢᠨᠢ

    ᠬᠠᠢ᠌ᠷ᠎ᠠ ᠪᠠᠷ ᠪᠠᠯᠭᠡᠯᠡᠭ᠍ᠰᠡᠨ ᠬᠠᠢ᠌ᠷ᠎ᠠ ᠭᠡᠳ

    ᠡᠵᠢ ᠨᠢ ᠴᠢᠮ᠎ᠠ ᠳᠤ ᠬᠠᠢ᠌ᠷᠠᠳᠠᠢ

    ᠬᠠᠷᠠᠬᠤ ᠨᠢᠳᠤᠨ ᠤ ᠪᠠᠶᠠᠰᠬᠤᠯᠠᠩ ᠭᠡᠳ

    ᠠᠪᠣ ᠴᠢᠨᠢ ᠴᠢᠮ᠎ᠠ ᠳᠤ ᠬᠠᠢ᠌ᠷᠠᠳᠠᠢ

 

ᠨᠢᠯᠬ᠎ᠠ ᠡᠩᠬᠦᠷᠡᠢ ᠪᠣᠯᠬᠤᠷ ᠴᠢᠨᠢ

ᠪᠦᠭᠦᠳᠡ ᠯᠠ ᠴᠢᠮ᠎ᠠ ᠳᠤ ᠬᠠᠢ᠌ᠷᠠᠳᠠᠢ

ᠪᠣᠰᠤᠳ ᠢ ᠬᠠᠢ᠌ᠷᠠᠯᠠᠳᠠᠭ ᠰᠡᠳᠭᠢᠯ ᠳᠤ ᠴᠢᠨᠢ

ᠪᠣᠷᠬᠠᠨ ᠭᠦᠷᠳᠡᠯ᠎ᠡ ᠬᠠᠢ᠌ᠷ᠎ᠠ ᠲᠡᠶ

    ᠠᠮᠢᠨ ᠭᠠᠭᠴᠠ ᠦᠬᠢᠨ ᠳ᠋ᠡᠭᠡᠨ

    ᠠᠪᠣ ᠡᠵᠢ ᠨᠢ ᠬᠠᠢ᠌ᠷᠠᠳᠠᠢ

    ᠠᠮᠢᠳᠤᠷᠠᠯ ᠵᠠᠯᠭᠠᠬᠤ ᠦᠷ᠎ᠡ ᠮᠢᠨᠢ ᠭᠡᠳ

    ᠡᠨᠡ ᠯᠡ ᠨᠠᠰᠤ ᠪᠠᠷ ᠶᠢᠠᠨ ᠬᠠᠢᠷᠠᠯᠠᠨ᠎ᠠ

ᠴᠠᠪᠠᠷ ᠠᠷᠢᠭᠤᠨ ᠰᠡᠳᠭᠢᠯ ᠤᠨ ᠴᠢᠨᠢ

ᠴᠡᠴᠡᠭ᠌ ᠨᠢ ᠪᠣᠤ ᠬᠠᠳᠠᠭᠠᠰᠠᠢ

ᠴᠡᠩᠭᠡᠨ ᠵᠢᠷᠭᠠᠬᠤ ᠮᠦᠷᠦᠭᠡᠳᠦᠯ ᠤᠨ ᠴᠢᠨᠢ

ᠭᠦᠰᠡᠯ ᠨᠢ ᠳᠠᠩᠳᠠ ᠪᠠᠶᠡᠯᠡᠭᠡᠰᠡᠢ

    ᠬᠠᠢ᠌ᠷ᠎ᠠ ᠪᠠᠷ ᠪᠠᠯᠭᠡᠯᠡᠭ᠍ᠰᠡᠨ ᠬᠠᠢ᠌ᠷ᠎ᠠ ᠭᠡᠳ

    ᠡᠵᠢ ᠨᠢ ᠴᠢᠮ᠎ᠠ ᠳᠤ ᠬᠠᠢ᠌ᠷᠠᠳᠠᠢ

    ᠬᠠᠷᠠᠬᠤ ᠨᠢᠳᠤᠨ ᠤ ᠪᠠᠶᠠᠰᠬᠤᠯᠠᠩ ᠭᠡᠳ

    ᠠᠪᠣ ᠴᠢᠨᠢ ᠴᠢᠮ᠎ᠠ ᠳᠤ ᠬᠠᠢ᠌ᠷᠠᠳᠠᠢ

ᠠᠮᠢᠨ ᠭᠠᠭᠴᠠ ᠦᠬᠢᠨ ᠳ᠋ᠡᠭᠡᠨ

ᠠᠪᠣ ᠡᠵᠢ ᠨᠢ ᠬᠠᠢ᠌ᠷᠠᠳᠠᠢ

ᠠᠮᠢᠳᠤᠷᠠᠯ ᠵᠠᠯᠭᠠᠬᠤ ᠦᠷ᠎ᠡ ᠮᠢᠨᠢ ᠭᠡᠳ

ᠡᠨᠡ ᠯᠠ ᠨᠠᠰᠤ ᠪᠠᠷ ᠶᠢᠡᠨ ᠬᠠᠢ᠌ᠷᠠᠯᠠᠨ᠎ᠠ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ