ᠵᠡᠭᠦᠳᠦᠨ ᠤ ᠮᠦᠩᠭᠦᠨ ᠠᠯᠲᠠᠢ

ᠳᠠᠭᠤᠴᠢᠨ᠄ ᠪᠦᠬᠦ ᠤᠳᠤᠳ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠢᠷᠡᠯᠲᠡ᠄ ᠦᠭᠡᠯᠡᠳ ᠭᠠᠯᠳᠠᠨ ᠬᠠᠩᠭᠠᠪᠠ
ᠳᠠᠷᠤᠮ᠄ 12029
ᠴᠠᠭ᠄ 2007 ᠤᠨ ᠤ 07 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ

(ᠪᠤᠯᠤᠷᠮ᠎ᠠ᠂ ᠲᠤᠮᠤ ᠵᠠᠭ᠎ᠠ ᠳᠠᠭᠤᠯᠠᠪᠠ)

 

ᠠᠯᠳᠠᠭᠤᠷᠠᠭᠰᠠᠨ ᠣᠨᠠᠭ᠎ᠠ ᠰᠢᠭ ᠠᠯᠤᠰ ᠢ ᠵᠤᠷᠢᠬᠤ ᠪᠠᠷ

ᠠᠯᠴᠢᠭᠤᠷ ᠰᠢᠭ ᠳᠠᠯᠠᠯᠤᠨ ᠥᠯᠡᠳᠡᠳᠡᠭ᠌

ᠡᠷᠳᠡᠮ ᠰᠤᠷᠤᠭᠠᠤᠨ ᠡᠷᠭᠢᠭᠡᠳ ᠢᠷᠡᠭᠦ ᠪᠠᠷ

ᠡᠵᠢ ᠶᠢᠨ ᠬᠠᠢ᠌ᠷ᠎ᠠ ᠪᠠᠷ ᠣᠭᠳᠤᠨ ᠳᠤᠰᠤᠳᠠᠭ

 

ᠢᠷᠦᠭᠡᠯ ᠶᠢᠡᠷ ᠣᠴᠠᠷᠠᠭᠰᠠᠨ ᠨᠤᠳᠤᠭ ᠶᠢᠡᠨ ᠳᠦᠰᠢᠭᠦ ᠪᠠᠷ

ᠶ‍ᠢᠰᠤᠨ ᠪᠣᠯᠠᠭ ᠤᠨ ᠷᠠᠰᠢᠶᠠᠨ ᠪᠠᠶᠠᠰᠤᠭᠠᠤᠨ

ᠠᠩᠬᠠᠨ ᠤ ᠬᠠᠢ᠌ᠷ᠎ᠠ ᠪᠠᠨ ᠴᠢᠮ᠎ᠠ ᠳᠠᠭᠠᠨ ᠢᠯᠡᠴᠢᠯᠡᠭᠦ ᠪᠠᠷ

ᠠᠯᠠᠭ ᠳᠤᠯᠤᠭᠠᠤᠨ ᠨᠢ ᠣᠶᠠᠷᠠᠨ ᠥᠵᠡᠮᠵᠢᠳᠡᠭ᠌

 

ᠬᠠᠨ ᠳᠠᠢ᠌ᠰᠢᠷᠢ ᠶᠢᠨ ᠳᠤᠮᠤᠭᠳᠤ ᠨᠢᠷᠤᠭᠤ

ᠬᠠᠯᠳᠠᠷ ᠮᠠᠨᠠᠨ ᠠᠭᠤᠯᠠᠰ ᠤᠨ ᠣᠷᠤᠨ

ᠬᠠᠭᠠᠨ ᠰᠠᠭᠤᠳᠠᠯ ᠲᠡᠶ ᠠᠯᠳᠠᠢ ᠬᠤᠲᠠ

ᠬᠠᠢ᠌ᠷ᠎ᠠ ᠶᠢᠨ ᠢᠷᠭᠤᠢ ᠨᠢ ᠴᠤ ᠮᠢᠨᠤ ᠨᠤᠳᠤᠭ ᠡ

 

ᠨᠠᠰᠤ ᠪᠠᠷ ᠶᠢᠡᠨ ᠣᠶᠠᠭ᠎ᠠ ᠲᠡᠶ ᠨᠤᠳᠤᠭ ᠶᠢᠡᠨ ᠰᠢᠳᠦᠭᠦ ᠪᠠᠷ

ᠨᠠᠷᠠᠨ ᠰᠠᠭᠠᠳᠠᠵᠤ ᠦᠯᠠᠳᠠᠨ ᠥᠡᠵᠢᠳᠡᠭ᠌

ᠥᠯᠢᠭᠡᠷ ᠳᠤᠮᠤᠭ ᠤᠨ ᠳᠤᠤᠯᠢᠰ ᠬᠠᠢ᠌ᠯᠬᠤ ᠪᠠᠷ

ᠦᠯᠡᠮᠵᠢ ᠶᠢᠨ ᠵᠢᠷᠭᠠᠯ ᠨᠠᠮᠢ᠋ᠢ ᠢᠪᠠᠭᠡᠳᠡᠭ᠌ ᠡ

 

ᠬᠠᠨ ᠳᠠᠢ᠌ᠰᠢᠷᠢ ᠶᠢᠨ ᠳᠤᠮᠤᠭᠳᠤ ᠨᠢᠷᠤᠭᠤ

ᠬᠠᠯᠳᠠᠷ ᠮᠠᠨᠠᠨ ᠠᠭᠤᠯᠠᠰ ᠤᠨ ᠣᠷᠤᠨ

ᠠᠯᠤᠰ ᠤᠨ ᠪᠠᠷ᠎ᠠ ᠲᠡᠶ ᠠᠯᠳᠠᠢ ᠬᠤᠲᠠ

ᠠᠯᠳᠠᠨ ᠣᠷᠭᠢᠯ ᠨᠢ ᠴᠤ ᠮᠢᠨᠤ ᠨᠤᠳᠤᠭ ᠡ

 

ᠭᠦᠢᠰ ᠭᠦᠢᠰᠭᠡᠨ ᠰᠠᠯᠭᠢ ᠨᠢ ᠰᠡᠪᠰᠢᠭᠦ ᠪᠠᠷ

ᠭᠦᠢᠰᠤ ᠶᠢᠨ ᠭᠤᠪᠢ ᠨᠢ ᠵᠡᠷᠭᠡᠯᠭᠡᠳᠤᠨ ᠪᠠᠢ᠌ᠳᠠᠭ

ᠭᠦᠷᠡᠩ ᠳᠤᠯᠤᠭᠠᠢ ᠨᠢ ᠰᠢᠭᠦᠳᠡᠷᠢ ᠰᠢᠮᠡᠰᠢᠯᠡᠭᠦ ᠪᠠᠷ

ᠭᠦᠭᠯᠡᠭᠡᠷ ᠠᠭᠤᠯᠠᠰ ᠨᠢ ᠭᠦᠮᠡᠢ ᠡᠭᠡᠰᠢᠯᠡᠭ᠍ᠳᠡᠭ᠌

 

ᠭᠤᠶᠤᠤ ᠮᠠᠩᠭᠢᠷ ᠨᠢ ᠵᠡᠷᠭᠡᠴᠡᠨ ᠣᠷᠭᠤᠳᠠᠭ

ᠭᠤᠪᠢ ᠠᠯᠳᠠᠢ ᠬᠤᠤᠰᠯᠠᠩᠬᠠᠨ ᠪᠠᠢ᠌ᠳᠠᠭ

ᠴᠡᠯᠡᠭᠡᠷ ᠳᠠᠯ᠎ᠠ ᠨᠢ ᠠᠭᠤᠵᠢᠷᠠᠨ ᠠᠯᠤᠰᠷᠠᠳᠠᠭᠠᠤᠨ

ᠴᠡᠩᠭᠡᠷ ᠳᠡᠭ᠍ᠷᠢ ᠨᠠᠷᠠᠨ ᠨᠢ ᠬᠤᠯᠠ ᠡ

 

ᠬᠠᠨ ᠳᠠᠢ᠌ᠰᠢᠷᠢ ᠶᠢᠨ ᠳᠤᠮᠤᠭᠳᠤ ᠨᠢᠷᠤᠭᠤ

ᠬᠠᠯᠳᠠᠷ ᠮᠠᠨᠠᠨ ᠠᠭᠤᠯᠠᠰ ᠤᠨ ᠣᠷᠤᠨ

ᠵᠡᠭᠦᠳᠤᠨ ᠤ ᠮᠥᠩᠭᠦᠨ ᠠᠯᠳᠠᠢ ᠬᠤᠲᠠ

ᠵᠢᠷᠦᠭᠡᠨ ᠤ ᠣᠮᠤᠭᠯᠠᠩ ᠨᠢ ᠴᠤ ᠮᠢᠨᠤ ᠨᠤᠳᠤᠭ ᠡ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ