ᠳᠤᠭᠤᠨᠤᠲᠤ

ᠳᠠᠭᠤᠴᠢᠨ᠄ ᠪᠦᠬᠦ ᠤᠳᠤᠳ
ᠴᠤᠮᠤᠭ ᠤᠨ ᠬᠠᠷᠢᠶ᠎ᠠ᠄ ᠣᠳᠣᠳ ᠤᠨ ᠬᠠᠮᠳᠤᠷᠠᠯᠴᠠᠭ᠎ᠠ
ᠤᠷᠠᠯᠢᠭ ᠤᠨ ᠬᠤᠪᠢᠶᠠᠷᠢ᠄ ᠬᠢᠫ ᠬᠤᠫᠵᠤᠬᠢᠶᠠᠯ ᠤᠨ ᠳᠠᠭᠤᠤ
ᠳᠠᠷᠤᠮ᠄ 11894
ᠴᠠᠭ᠄ 2019 ᠤᠨ ᠤ 08 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

    ᠲᠡᠮᠡᠭᠡᠨ ᠵᠢᠩ ᠤᠨ ᠴᠤᠪᠤᠭ᠎ᠠ᠂ ᠴᠤᠪᠤᠭ᠎ᠠ᠁

    ᠲᠡᠮᠡᠭᠡᠨ ᠵᠢᠩ ᠤᠨ ᠴᠤᠪᠤᠭ᠎ᠠ᠂ ᠴᠤᠪᠤᠭ᠎ᠠ᠁

    ᠲᠡᠮᠡᠭᠡᠨ ᠵᠢᠩ ᠤᠨ ᠴᠤᠪᠤᠭ᠎ᠠ᠂ ᠴᠤᠪᠤᠭ᠎ᠠ᠁

    ᠲᠡᠮᠡᠭᠡᠨ ᠵᠢᠩ ᠤᠨ ᠴᠤᠪᠤᠭ᠎ᠠ᠂ ᠴᠤᠪᠤᠭ᠎ᠠ᠁

 

(ᠡ᠊·ᠲᠡᠮᠦᠭᠦᠨ)

ᠵᠡ᠂ ᠪᠢᠯᠢᠭ᠌ ᠲᠠᠩᠬᠠᠢ ᠨᠠᠢᠷᠠᠭᠴᠢ ᠶᠢᠨ ᠶᠢᠠᠨ

ᠲᠠᠯ᠎ᠠ ᠨᠤᠲᠤᠭ ᠳᠡᠭᠡᠷ᠎ᠡ ᠲᠩᠷᠢ ᠭᠠᠵᠠᠷ ᠶᠢᠠᠨ ᠳᠡᠭᠡᠳᠦᠯᠡ ᠭᠡᠳᠡᠭ ᠵᠠᠬᠢᠶᠠᠰᠤ ᠳᠤᠮᠳᠠ ᠥᠰᠥᠯ᠎ᠡ

ᠰᠦᠮᠡᠲᠡᠢ ᠪᠤᠳᠠᠷ ᠤᠨ ᠴᠢᠯᠠᠭᠤᠨ ᠳᠤᠲᠤᠷ᠎ᠠ ᠰᠠᠢᠲᠤᠷ ᠨᠢᠭᠤᠴᠠᠯᠠᠵᠤ ᠬᠠᠳᠠᠭᠠᠯᠠᠭᠰᠠᠨ

ᠰᠦᠨ ᠳᠠᠯᠠᠢ ᠪᠢᠯᠢᠭ᠌ ᠤᠬᠠᠭᠠᠨ ᠡᠴᠡ ᠨᠢ ᠰᠤᠷᠤᠯᠴᠠᠵᠤ ᠥᠰᠥᠯ᠎ᠡ

ᠳᠤᠷᠤᠨ᠎ᠠ ᠶᠢᠨ ᠴᠠᠭᠠᠨ ᠰᠠᠷᠠᠨ ᠤ ᠲᠤᠶᠠᠭ᠎ᠠ ᠮᠥᠩᠭᠥᠨ ᠭᠡᠭᠡ

ᠳᠤᠭᠰᠢᠨ ᠮᠤᠩᠭᠤᠯ ᠡᠨᠡ ᠵᠢᠷᠦᠬᠡᠨ ᠳᠤᠨᠢ ᠡᠭᠡᠰᠢᠭ ᠨᠠᠢᠷᠠᠭ ᠢᠯᠡᠭᠡᠯ᠎ᠡ

ᠬᠠᠭᠠᠨ ᠴᠢᠩᠭᠢᠰ ᠡᠵᠡᠨ ᠦ ᠵᠠᠷᠯᠢᠭ ᠲᠠᠢ

ᠰᠠᠷᠢᠳᠠᠭ ᠬᠠᠢᠷᠬᠠᠨ ᠳᠤ ᠪᠠᠨ ᠳᠠᠬᠢᠯᠭ᠎ᠠ ᠲᠠᠢ

ᠭᠠᠢᠬᠠᠯᠲᠠᠢ ᠪᠠᠷᠳᠠᠮ ᠲᠡᠦᠬᠡ ᠶᠢ ᠲᠡᠷᠡ ᠬᠤᠢᠴᠢ ᠦᠶ᠎ᠡ ᠪᠢᠳᠡᠨ ᠳᠡᠭᠡᠨ ᠦᠯᠡᠳᠡᠭᠡᠵᠡᠢ

 

(ᠬ·ᠴᠡᠯᠡᠭᠡᠷ)

ᠰᠠᠢᠨ ᠪᠠᠢᠨ᠎ᠠ ᠤᠤ᠂ ᠮᠢᠨᠦ ᠮᠤᠩᠭᠤᠯ᠂ ᠪᠢ ᠥᠪᠥᠷ ᠮᠤᠩᠭᠤᠯ

ᠲᠠᠪᠤᠨ ᠬᠤᠰᠢᠭᠤ ᠮᠠᠯ ᠰᠦᠷᠦᠭ ᠶᠢᠡᠷ ᠴᠡᠯᠡᠭᠡᠷ ᠲᠠᠯ᠎ᠠ ᠶᠢ ᠴᠢᠮᠡᠳᠡᠭ

ᠮᠤᠷᠢᠨ ᠬᠤᠭᠤᠷ ᠤᠷᠲᠤ ᠶᠢᠨ ᠳᠠᠭᠤᠤ ᠪᠠᠷ ᠬᠥᠭᠵᠢᠭᠡᠨ ᠨᠠᠢᠷ ᠢ ᠴᠢᠮᠡᠳᠡᠭ

ᠳᠠᠷᠬᠠᠨ ᠰᠦᠷᠯᠢᠭ ᠤᠪᠤᠭ᠎ᠠ ᠪᠠᠷ ᠨᠤᠲᠤᠭ ᠤᠰᠤ ᠪᠠᠨ ᠴᠢᠮᠡᠳᠡᠭ

ᠪᠠᠭ᠎ᠠ ᠡᠴᠡ ᠪᠤᠭᠳᠠ ᠴᠢᠩᠭᠢᠰ ᠤᠨ ᠠᠷᠢᠭᠤᠨ ᠰᠢᠲᠦᠭᠡᠨ ᠢ ᠰᠠᠬᠢᠨ᠎ᠠ

ᠡᠨᠡ ᠮᠤᠩᠭᠤᠯ ᠭᠡᠳᠡᠭ ᠨᠡᠷ᠎ᠡ ᠪᠤᠯ ᠪᠢᠳᠡᠨ ᠦ ᠵᠢᠷᠦᠬᠡᠨ ᠬᠤᠯᠪᠤᠭ᠎ᠠ ᠲᠡᠦᠬᠡ ᠮᠡᠳᠡᠨ᠎ᠡ

ᠮᠤᠩᠭᠤᠯ ᠪᠢᠳᠡᠨᠠᠷ ᠨᠢᠭᠡ ᠯᠠ ᠡᠵᠡᠨ

ᠲᠡᠢᠮᠦ ᠡᠴᠡ ᠪᠢᠳᠡᠨ ᠤ ᠬᠠᠷᠢᠴᠠᠭ᠎ᠠ ᠶᠠᠮᠠᠷ ᠭᠡᠳᠡᠭ ᠢ ᠦᠷ᠎ᠡ ᠲᠠᠨᠢ ᠮᠡᠳᠡᠨ᠎ᠡ

 

(ᠳ·ᠮ·ᠠᠯᠳᠠᠷ)

ᠵᠠ ᠵᠠ ᠠᠭᠠᠳᠠᠷ ᠳᠤᠤᠷ᠎ᠠ ᠪᠠᠨ ᠳᠡᠭᠡᠷ᠎ᠡ ᠪᠡᠨ ᠪᠤᠷᠤᠭ᠎ᠠ ᠠᠭᠠᠳᠠᠷ ᠪᠤᠷᠤᠭ᠎ᠠ ᠲᠩᠷᠢ ᠶᠢᠨ ᠤᠨᠠᠭᠠᠨ᠎ᠠ ᠡ

ᠨᠠᠷᠠᠨ ᠤᠨᠠᠭᠰᠠᠨ ᠰᠠᠨᠠᠭ᠎ᠠ ᠰᠠᠨᠠᠭ᠎ᠠ ᠳᠤᠩ ᠳᠤᠤᠭᠤᠷ ᠮᠠᠨᠠᠨ

ᠬᠠᠲᠤᠨ ᠠᠭᠤᠯᠠᠨ ᠳᠡᠭᠡᠭᠦᠷ ᠰᠠᠨᠠ ᠴᠠᠪ ᠴᠠᠭᠠᠨ ᠵᠠᠮ ᠡ

ᠴᠠᠬᠢᠯᠭᠠᠨ ᠭᠢᠯᠪᠠᠬᠤ ᠳᠤ ᠡᠨᠡᠲᠡᠭᠡ ᠭᠠᠯ ᠶᠢᠠᠨ ᠬᠠᠬᠠᠭᠠᠮᠠᠨ

ᠡᠷᠢ ᠡ ᠡᠷᠢ ᠴᠢ ᠨᠡᠷ᠎ᠡ ᠪᠡᠨ ᠨᠡᠷ᠎ᠡ ᠪᠡᠨ ᠬᠠᠷᠠᠭᠳᠠᠭᠠᠳ

ᠲᠡᠭᠡᠭᠡᠳ ᠪᠤᠯᠤᠭ᠎ᠠ ᠦᠭᠡᠢ ᠬᠠᠯᠠ ᠪᠠᠨ ᠨᠡᠮᠡᠭᠡ ᠨᠡᠮᠡᠭᠡ ᠦᠭᠡᠢ ᠠᠷᠬᠠᠭᠠᠳ

ᠠᠷᠬᠠᠳ ᠳᠤᠲᠤᠯᠤᠭᠠᠳ ᠪᠠᠢᠨ᠎ᠠ ᠡ ᠥᠪᠡᠷ ᠦᠨ ᠵᠠᠮ ᠶᠢᠠᠷ ᠠᠪᠤᠭᠠᠳ ᠶᠠᠪᠤᠬᠤ ᠶᠢ

ᠳᠠᠷᠤᠭᠳᠠᠬᠤ ᠶᠢ᠂ ᠭᠠᠪᠢᠬᠤ ᠦᠭᠡᠢ᠂ ᠭᠠᠸᠠ ᠬᠠᠷᠢᠨ ᠥᠭᠡᠷ᠎ᠡ ᠪᠠᠢᠬ᠎ᠠ

 

    ᠰᠢᠷᠡᠭᠡ ᠪᠦᠬᠦ ᠳᠡᠭᠡᠨ ᠨᠠᠷᠠ ᠮᠠᠨᠳᠤᠭᠤᠯᠤᠭᠰᠠᠨ

    ᠰᠢᠵᠢᠷ ᠲᠤᠶᠠᠭ᠎ᠠ ᠰᠠᠴᠤᠷᠠᠭᠤᠯᠤᠭᠰᠠᠭᠠᠷ ᠢᠷᠡᠨ᠎ᠡ

    ᠲᠠᠪᠤᠨ ᠬᠤᠰᠢᠭᠤ ᠰᠦᠷᠦᠭ ᠦᠨ ᠰᠦᠯᠳᠡ

    ᠭᠠᠩᠭᠠᠩ ᠤᠯᠠᠭᠠᠨ ᠲᠡᠮᠡᠭᠡᠨ ᠰᠦᠷᠦᠭ ᠡ

 

(ᠪ᠊·ᠪᠢᠮᠪᠠᠵᠢᠷᠭᠠᠯ)

ᠬᠤᠷᠴᠠ ᠬᠤᠰᠢᠭᠤ ᠰᠠᠯᠬᠢ ᠵᠦᠰᠦᠯᠡᠨ ᠬᠥᠬᠡ ᠲᠩᠷᠢ ᠡᠴᠡ ᠬᠤᠷ᠎ᠠ ᠪᠤᠯᠵᠤ ᠢᠷᠡᠭᠰᠡᠨ

ᠬᠥᠬᠡ ᠲᠤᠯᠪᠤᠲᠤ ᠲᠩᠷᠢᠲᠤ ᠮᠤᠷᠢᠨ ᠡᠭᠦᠯᠡ ᠬᠥᠯᠥᠭᠯᠡᠨ ᠨᠢᠰᠦᠨ᠎ᠡ

ᠬᠥᠷᠥᠰᠦᠲᠦ ᠠᠯᠲᠠᠨ ᠳᠡᠯᠡᠬᠡᠢ ᠶᠢᠨ ᠬᠥᠯ ᠶᠡᠬᠡ ᠲᠡᠢ ᠨᠤᠲᠤᠭ ᠤᠨ

ᠬᠥᠭᠵᠢᠯ ᠳᠡᠪᠰᠢᠯ ᠢ ᠬᠠᠷᠠᠵᠤ ᠬᠦᠮᠦᠨ ᠤ ᠬᠦᠦ ᠠᠲᠠᠭᠠᠷᠬᠠᠯ ᠲᠥᠷᠥᠬᠥ ᠶᠤᠮ

ᠪᠦᠷᠭᠦᠳ ᠪᠠᠭᠤᠴᠠ ᠪᠠᠨ ᠡᠷᠭᠢᠨ ᠲᠤᠭᠤᠷᠢᠪᠠ

ᠪᠦᠬᠦ ᠨᠢᠭᠤᠴᠠ ᠶᠢᠨ ᠲᠠᠢᠯᠪᠤᠷᠢ ᠡ᠊ᠨᠳᠡ ᠪᠠᠢᠭ᠎ᠠ ᠶᠢ ᠤᠢᠯᠠᠭᠠᠪᠠ

ᠪᠥᠭᠡ ᠬᠡᠮᠡᠨ ᠨᠠᠮᠢ᠋ᠢ ᠡᠨᠳᠡᠭᠦᠷᠡᠪᠡ

ᠭᠠᠭᠴᠠᠬᠦ ᠪᠥᠬᠡ ᠪᠠᠲᠤ ᠡᠪ ᠨᠢᠭᠡᠲᠦᠯ ᠢ ᠬᠦᠰᠡᠪᠡ

ᠰᠡᠳᠬᠢᠯ ᠦᠨ ᠵᠥᠪ ᠲᠤ ᠵᠢᠳᠭᠦᠯᠡᠨ ᠦᠷ᠎ᠡ ᠳ᠋ᠦᠩ ᠳᠦ ᠢᠯᠠᠯᠲᠠ ᠶᠢᠨ ᠪᠠᠶᠠᠷ ᠢ ᠲᠡᠮᠳᠡᠭᠯᠡᠳᠡᠭ

ᠡᠪ ᠨᠢᠭᠡᠳᠦᠯ ᠤᠨ ᠬᠦᠴᠦ ᠪᠤᠯᠵᠤ ᠢᠯᠠᠨ ᠳᠡᠪᠡᠵᠦ ᠪᠠᠢᠭᠰᠠᠨ ᠢ ᠪᠢᠳᠡᠨ ᠦ ᠲᠡᠦᠬᠡ ᠬᠡᠯᠡᠳᠡᠭ

 

(ᠪ᠊·ᠤᠷᠭᠢᠯ᠊ᠡᠷᠳᠡᠨᠢ "Ice Top")

ᠠᠭᠤᠳᠠᠮ ᠲᠠᠯ᠎ᠠ ᠮᠢᠨᠢ ᠲᠦᠮᠡᠨ ᠤᠯᠠᠨ ᠤ ᠬᠠᠷᠠᠴᠠ ᠪᠤᠯᠢᠶᠠᠨ᠎ᠠ

ᠲᠦᠮᠡᠨ ᠤᠯᠠᠨ ᠢ ᠭᠦᠷᠪᠡᠯ ᠮᠡᠲᠦ ᠬᠤᠪᠢᠶᠠᠨ᠎ᠠ ᠭᠡᠪᠡᠯ

ᠲᠤᠸᠠ ᠨᠢ᠂ ᠤᠢᠷᠠᠳ᠂ ᠵᠠᠬᠠᠴᠢᠨ᠂ ᠬᠠᠯᠬ᠎ᠠ ᠬᠢᠯᠢᠩᠨᠡᠨ ᠭᠠᠷ ᠶᠢᠠᠨ ᠤᠬᠢᠶᠠᠨ᠎ᠠ

ᠮᠥᠩᠬᠡ ᠬᠥᠬᠡ ᠲᠩᠷᠢ ᠳᠤᠤᠷ᠎ᠠ ᠠᠯᠲᠠᠨ ᠭᠡᠷᠡᠭᠦᠳ ᠬᠠᠭᠠᠨ ᠥᠨᠴᠥᠭ ᠪᠤᠯᠤᠩ ᠢ ᠨᠡᠭᠡᠭᠡᠨ

ᠮᠤᠩᠭᠤᠯ ᠴᠡᠷᠢᠭ ᠭᠡᠷ ᠲᠡᠷᠭᠡ ᠪᠦᠭᠦᠳᠡ ᠲᠦᠮᠡᠨ ᠤ ᠪᠠᠬᠠᠷᠬᠠᠯ

ᠪᠤᠷᠢᠶᠠᠳ ᠵᠤᠨ ᠤᠯᠠᠨ᠂ ᠥᠪᠥᠷ ᠮᠤᠩᠭᠤᠯ᠂ ᠬᠠᠯᠢᠮᠠᠭ᠂ ᠲᠤᠸᠠ᠂ ᠬᠠᠵᠠᠭᠠᠷ ᠮᠤᠩᠭᠤᠯ᠂ ᠳᠡᠭᠡᠳᠦ ᠮᠤᠩᠭᠤᠯ᠂ ᠬᠠᠮᠤᠭ ᠮᠤᠩᠭᠤᠯ ᠨᠢᠭᠡᠲᠦᠭᠲᠦᠨ

ᠮᠤᠩᠭᠤᠯ ᠵᠤᠨ ᠤ ᠡᠮᠦᠨ᠎ᠡ ᠪᠦᠭᠦᠳᠡ ᠨᠢᠭᠡ ᠴᠡᠭ ᠬᠦᠮᠦᠨ

 

(ᠵ·ᠪᠠᠲᠤᠤ᠋ᠷᠭᠢᠯ "Ice Top")

ᠲᠠᠮᠠᠭ᠎ᠠ ᠳᠠᠷᠤᠨ᠎ᠠ ᠭᠡᠬᠦᠩᠭᠦᠳᠡ ᠭᠠᠵᠠᠷ ᠰᠢᠷᠤᠢ ᠬᠤᠢ ᠰᠠᠯᠬᠢ ᠮᠡᠲᠦ

ᠠᠯᠠᠭ᠎ᠠ ᠢᠵᠠᠭᠤᠷ ᠠᠰᠢᠭ ᠰᠢᠵᠠᠭᠤᠷ ᠵᠠᠭᠤ

ᠬᠠᠮᠤᠭ ᠮᠤᠩᠭᠤᠯ ᠬᠥᠬᠡ ᠲᠩᠷᠢ ᠳᠤᠤᠷ᠎ᠠ ᠶᠡᠬᠡ ᠬᠤᠷᠠᠯᠳᠠᠢ

ᠵᠢᠷᠭᠤᠭᠠᠳᠠᠢ ᠤᠬᠠᠭᠠᠨ ᠬᠤᠷᠠᠨ ᠴᠢᠯᠠᠭᠤᠳᠠᠢ

ᠢᠯᠳᠦ ᠪᠠᠮᠪᠠᠢ ᠬᠤᠭᠰᠢᠭ ᠬᠤᠶᠠᠷ ᠡᠴᠡ ᠭᠤᠷᠪᠠᠨ ᠵᠢᠯ ᠠᠮᠢᠲᠠᠢ

ᠬᠥᠬᠡ ᠲᠩᠷᠢ ᠰᠠᠬᠢᠭᠤᠰᠤ ᠬᠠᠨ᠎ᠠ ᠲᠠᠢ

ᠬᠠᠮᠢᠭ᠎ᠠ ᠴᠤ᠂ ᠬᠡᠨ ᠦ ᠴᠦ ᠡᠮᠦᠨ᠎ᠡ ᠠᠳᠬᠤᠭᠰᠠᠨ ᠭᠠᠷ ᠴᠢᠩᠭ᠎ᠠ ᠬᠡᠪ ᠶᠢᠡᠷ ᠶᠢᠡᠨ

ᠪᠡᠶ᠎ᠡ ᠶᠢᠨ ᠢᠵᠠᠭᠤᠷ ᠴᠡᠪᠡᠷ ᠮᠤᠩᠭᠤᠯ

 

    ᠲᠡᠮᠡᠭᠡᠨ ᠵᠢᠩ ᠤᠨ ᠲᠡᠷᠢᠭᠦᠨ ᠴᠤᠪᠤᠭ᠎ᠠ

    ᠲᠩᠷᠢ ᠶᠢᠨ ᠬᠠᠶᠠᠭᠠᠨ ᠡᠴᠡ ᠨᠠᠭᠠᠰᠢᠯᠠᠨ ᠠᠢᠰᠤᠢ

    ᠲᠡᠨᠢᠭᠦᠨ ᠭᠤᠪᠢ ᠶᠢᠨ ᠲᠡᠩᠬᠡᠭᠡᠲᠦ ᠠᠯᠬᠤᠭ᠎ᠠ ᠪᠠᠷ

    ᠲᠩᠷᠢ ᠪᠡᠨ ᠲᠡᠭᠡᠭᠡᠳ ᠨᠠᠭᠠᠰᠢᠯᠠᠨ ᠠᠢᠰᠤᠢ

 

(ᠠ᠊·ᠲᠠᠮᠢᠷ)

ᠥᠭᠡᠳᠡ ᠡᠴᠡ ᠮᠢᠨᠢ ᠬᠠᠷᠠᠭᠳᠠᠨ ᠳᠠᠭᠤᠯᠠᠭᠳᠠᠬᠤ ᠲᠠᠩᠰᠤᠭ ᠪᠠᠢᠭᠠᠯᠢ

ᠶᠠᠭᠠᠬᠢᠵᠤ ᠤᠷᠤᠰᠢᠭᠠᠳ ᠪᠠᠢᠨ᠎ᠠ ᠭᠡᠮᠡᠷ ᠪᠦᠬᠦᠯᠢ ᠪᠦᠲᠦᠨ ᠪᠠᠢᠭᠠᠯᠢ

ᠡᠴᠢᠭᠡ ᠡᠪᠦᠭᠡᠳ ᠡᠴᠡ ᠮᠢᠨᠢ ᠥᠪᠯᠡᠭᠳᠡᠵᠦ ᠢᠷᠡᠭᠰᠡᠨ ᠭᠠᠵᠠᠷ ᠨᠤᠲᠤᠭ

ᠪᠤᠷᠬᠠᠨ ᠪᠠᠢᠲᠤᠭᠠᠢ ᠴᠢᠳᠭᠦᠷ ᠴᠤ ᠪᠠᠰᠠ ᠪᠦᠦ ᠬᠦᠷᠲᠡᠭ

ᠡᠨᠡ ᠮᠢᠨᠦ ᠦᠷᠭᠡᠷᠢᠭ ᠪᠠᠰᠠ ᠴᠢᠨᠦ ᠤᠷᠲᠤᠷᠢᠭ

ᠡᠨᠡ ᠪᠦᠬᠦᠨ ᠦ ᠴᠠᠭᠠᠨ᠎ᠠ ᠮᠤᠩᠭᠤᠯ ᠡᠮᠡᠭᠲᠡᠢ ᠶᠢᠨ ᠬᠤᠪᠢ ᠲᠥᠭᠡᠷᠭᠡ

ᠡᠷ᠎ᠡ ᠵᠤᠷᠢᠭᠲᠤ ᠳᠠᠢᠴᠢᠨ ᠡᠷ᠎ᠡ ᠶᠢᠨ ᠠᠷᠤ ᠳᠤᠨᠢ ᠬᠠᠲᠤᠨ ᠤᠬᠠᠭᠠᠨ

ᠪᠦᠬᠦ ᠮᠤᠩᠭᠤᠯ ᠡᠮᠡᠭᠲᠡᠢᠴᠦᠳ ᠤᠨ ᠶᠢᠡᠨ ᠲᠦᠯᠦᠭᠡ ᠤᠤᠬᠠᠢ

 

(ᠪ᠊·ᠬᠤᠯᠠᠨ)

ᠴᠠᠭ ᠤᠨ ᠤᠷᠤᠭ᠎ᠠ ᠪᠤᠰᠬᠠᠭ᠎ᠠ ᠪᠠᠷ ᠵᠠᠭᠠᠭᠯᠠᠭᠳᠠᠭᠰᠠᠨ ᠠᠬᠠᠨ ᠳᠡᠭᠦᠦᠰ

ᠵᠠᠯᠠᠬᠤ ᠠᠯᠳᠠᠷ ᠨᠡᠷ᠎ᠡ ᠪᠡᠨ ᠤᠯᠠᠮ ᠥᠭᠡᠳᠡ ᠪᠡᠨ ᠮᠠᠭᠲᠠᠨ ᠳᠠᠭᠤᠯᠠ

ᠵᠠᠮ ᠨᠢ ᠰᠠᠯᠤᠭᠰᠠᠨ ᠬᠡᠳᠦᠢ ᠴᠦ ᠡᠷᠬᠢᠨ ᠨᠡᠢᠯᠡᠬᠦ ᠨᠢ ᠮᠠᠭᠠᠳ ᠦᠭᠡᠢ

ᠵᠠᠶᠠᠭ᠎ᠠ ᠲᠥᠭᠡᠷᠭᠡ ᠪᠢᠯᠡ ᠪᠦᠬᠦᠨ ᠢ ᠤᠳᠤ ᠳᠠᠪᠠᠨ ᠲᠤᠭᠤᠯᠠ

ᠤᠴᠢᠷ ᠨᠢ ᠨᠢᠭᠡ ᠮᠤᠩᠭᠤᠯ ᠤᠴᠢᠷ ᠨᠢ ᠪᠢᠳᠡ ᠮᠤᠩᠭᠤᠯ

ᠤᠬᠠᠭᠠᠨ ᠪᠤᠳᠤᠯ ᠪᠢᠴᠢᠭ᠌ ᠰᠢᠭ ᠶᠢᠡᠨ ᠪᠤᠰᠤᠭ᠎ᠠ ᠴᠡᠬᠡ ᠮᠤᠩᠭᠤᠯ

ᠤᠭᠰᠠᠭ᠎ᠠ ᠭᠠᠷᠪᠠᠯᠢ ᠤᠳᠤᠮ ᠰᠤᠳᠤᠷ ᠶᠢᠠᠨ ᠤᠷᠢᠶ᠎ᠠ ᠪᠤᠯᠭᠠᠨ ᠬᠠᠮᠠᠭᠠᠯᠠ

ᠤᠷᠤᠭᠰᠢᠯᠠᠬᠤ ᠬᠦᠳᠡᠯᠮᠦᠷᠢ ᠪᠡᠷ ᠥᠪᠡᠷ ᠦᠨ ᠤᠯᠤᠰ ᠤᠨ ᠨᠡᠷ᠎ᠡ ᠶᠢ ᠬᠠᠮᠠᠭᠠᠯᠠ

 

(ᠲ·ᠮᠥᠩᠬᠡᠡᠷᠳᠡᠨᠢ)

ᠠᠯᠢᠪᠠ ᠳᠠᠪᠠᠮᠠᠭᠠᠢᠯᠠ᠂ ᠦᠨᠳᠡᠰᠦᠨ ᠦ ᠳᠠᠪᠠᠯᠭᠠᠨ

ᠥᠰᠬᠥ ᠡᠴᠡ ᠰᠤᠷᠤᠭᠰᠠᠨ ᠬᠡᠯᠡ ᠰᠤᠶᠤᠯ᠂ ᠡᠨᠡ ᠮᠢᠨᠦ ᠯᠠᠪᠯᠠᠯᠭᠠᠨ

ᠥᠩᠭᠡᠷᠡᠭᠰᠡᠨ ᠶᠢᠡᠷ ᠪᠠᠬᠠᠷᠬᠠᠬᠤ ᠪᠢᠰᠢ᠂ ᠥᠪᠡᠷᠰᠡᠳ ᠦᠨ ᠲᠡᠥᠬᠡ ᠪᠡᠨ ᠪᠦᠲᠦᠭᠡᠶ᠎ᠡ

ᠥᠨᠥᠳᠥᠷ ᠦᠨ ᠡᠷᠴᠢ ᠬᠦᠴᠦ ᠪᠡᠷ ᠮᠠᠷᠭᠠᠰᠢ ᠶᠢᠨ ᠨᠡᠭᠦᠳᠡᠯ ᠶᠢᠡᠨ ᠭᠦᠢᠴᠡᠭᠡᠶ᠎ᠡ

ᠡ ᠶᠧ ᠬᠢᠯᠢ ᠬᠢᠵᠠᠭᠠᠷ ᠤᠨ ᠵᠠᠭᠠᠭ ᠢ ᠬᠡᠮᠨᠡᠯ ᠶᠢᠡᠷ ᠶᠢᠡᠨ ᠨᠢᠭᠡᠳᠭᠡᠶ᠎ᠡ

ᠬᠡᠯᠡᠬᠦ ᠦᠭᠡ ᠶᠢᠨ ᠤᠳᠬ᠎ᠠ ᠪᠠᠨ ᠬᠡᠳᠦᠨ ᠮᠥᠷ ᠶᠢᠡᠷ ᠪᠢ ᠰᠢᠭᠡᠳᠭᠡᠶ᠎ᠡ

ᠬᠡᠯᠡᠴᠡ ᠦᠭᠡ ᠶᠢᠨ ᠴᠠᠭᠠᠳᠤ ᠰᠠᠨᠠᠭ᠎ᠠ ᠶᠢ ᠬᠡᠨ ᠴᠤ ᠪᠤᠢ ᠪᠠᠷ ᠬᠦᠯᠢᠶᠡᠵᠦ ᠠᠪ

ᠬᠡᠨ ᠴᠤ ᠬᠠᠷᠠᠭᠰᠠᠨ ᠨᠢᠳᠦᠨ ᠳᠤᠤᠷ᠎ᠠ ᠮᠢᠨᠢ ᠮᠤᠩᠭᠤᠯ ᠰᠢᠪᠡᠭᠡᠰᠦ ᠡᠭᠦᠨ ᠢ ᠬᠠᠷᠠ

 

(ᠭ·ᠪᠠᠲᠤᠪᠤᠯᠤᠳ)

ᠡᠵᠢ ᠡᠴᠡ ᠪᠡᠨ ᠤᠨᠠᠵᠤ ᠲᠥᠷᠥᠭᠰᠡᠨ ᠥᠰᠥᠭᠰᠡᠨ ᠭᠠᠵᠠᠷ ᠠᠭᠤᠯᠠ ᠤᠰᠤ ᠮᠢᠨᠢ

ᠡᠷᠬᠢᠮᠯᠡᠵᠦ ᠶᠠᠪᠤᠭᠠᠷᠠᠢ ᠭᠡᠵᠦ ᠡᠷᠬᠡ ᠴᠢᠯᠦᠭᠡ ᠶᠢ ᠤᠯᠭᠤᠭᠰᠠᠨ

ᠤᠷᠤᠰᠬᠠᠯ ᠤᠰᠤ ᠰᠢᠭ ᠶᠢᠠᠨ ᠮᠡᠯᠮᠡᠢ ᠲᠤᠩᠭᠠᠯᠠᠭ ᠤᠷᠤᠰᠢᠨ᠎ᠠ

ᠠᠭᠤᠯᠠ ᠤᠪᠤᠭ᠎ᠠ ᠠᠭᠤᠵᠢᠮ ᠰᠡᠳᠬᠢᠯᠭᠡ ᠪᠡᠷ ᠪᠠᠲᠤ ᠵᠤᠭᠰᠤᠨ᠎ᠠ

ᠶᠡᠬᠡ ᠬᠠᠭᠠᠳ ᠢ ᠲᠤᠭᠤᠷᠢᠭᠰᠠᠨ ᠭᠦᠷᠦᠨ ᠶᠢᠡᠷ ᠶᠠᠪᠤᠯ᠎ᠠ ᠪᠢ

ᠮᠡᠷᠭᠡᠳ ᠦᠨ ᠶᠢᠡᠨ ᠦᠯᠡᠳᠡᠭᠡᠭᠰᠡᠨ ᠲᠡᠦᠬᠡ ᠦᠳ ᠢ ᠬᠠᠷᠠᠯ᠎ᠠ ᠪᠢ

ᠬᠡᠳᠦᠨ ᠵᠠᠭᠤᠨ ᠤ ᠲᠤᠷᠰᠢᠳᠠ ᠤᠯᠠ ᠮᠥᠷ ᠨᠢ ᠪᠠᠯᠠᠷᠠᠬᠤ ᠦᠭᠡᠢ

ᠦᠷᠭᠦᠯᠵᠢᠯᠡᠭᠦᠯᠬᠦ ᠵᠤᠨ ᠤᠯᠠᠨ ᠳᠤ ᠪᠠᠨ ᠪᠢ ᠲᠠᠯᠠᠷᠬᠠᠶ᠎ᠠ

 

    ᠲᠡᠮᠡᠭᠡᠨ ᠵᠢᠩ ᠤᠨ ᠴᠤᠪᠤᠭ᠎ᠠ᠂ ᠴᠤᠪᠤᠭ᠎ᠠ᠁

    ᠲᠡᠮᠡᠭᠡᠨ ᠵᠢᠩ ᠤᠨ ᠴᠤᠪᠤᠭ᠎ᠠ᠂ ᠴᠤᠪᠤᠭ᠎ᠠ᠁

    ᠲᠡᠮᠡᠭᠡᠨ ᠵᠢᠩ ᠤᠨ ᠴᠤᠪᠤᠭ᠎ᠠ᠂ ᠴᠤᠪᠤᠭ᠎ᠠ᠁

    ᠲᠡᠮᠡᠭᠡᠨ ᠵᠢᠩ ᠤᠨ ᠴᠤᠪᠤᠭ᠎ᠠ᠂ ᠴᠤᠪᠤᠭ᠎ᠠ᠁

 

(ᠰ·ᠴᠢᠯᠠᠭᠤᠨᠪᠠᠭᠠᠲᠤᠷ " Ice Top ")

ᠤᠰᠤ ᠶᠢ ᠨᠢ ᠤᠤᠭᠤᠵᠤ ᠥᠰᠴᠦ ᠶᠤᠰᠤ ᠶᠢ ᠨᠢ ᠳᠠᠭᠠᠵᠤ ᠢᠷᠡᠭᠰᠡᠨ

ᠤᠯᠠᠭᠠᠨᠪᠠᠭᠠᠲᠤᠷ ᠲᠤ ᠲᠥᠷᠥᠵᠥ ᠥᠰᠥᠭᠰᠡᠨ ᠪᠢ ᠮᠤᠩᠭᠤᠯ ᠬᠦᠦ

ᠤᠨᠳᠠᠵᠤ ᠢᠳᠡᠬᠦ ᠶᠢ ᠦᠯᠦ ᠲᠡᠪᠴᠢᠬᠦ ᠶᠢ ᠤᠬᠠᠮᠰᠠᠷ ᠲᠤ ᠪᠠᠨ ᠰᠠᠭᠤᠯᠭᠠᠭᠰᠠᠨ

ᠤᠬᠠᠭᠠᠨᠲᠤ ᠠᠪᠤ ᠶᠢᠨ ᠶᠢᠠᠨ ᠭᠠᠯ ᠭᠤᠯᠤᠮᠲᠠ ᠶᠢ ᠵᠠᠯᠭᠠᠵᠤ ᠦᠯᠡᠳᠡᠭᠡᠬᠦ ᠬᠦᠦ ᠪᠢ

ᠥᠪ ᠰᠤᠶᠤᠯ ᠮᠤᠩᠭᠤᠯ ᠶᠤᠰᠤ ᠶᠢ ᠵᠠᠬᠢᠵᠤ ᠦᠯᠡᠳᠡᠭᠡᠵᠦ ᠰᠡᠪᠲᠡᠭᠡᠬᠦ ᠦᠭᠡᠢ

ᠥᠨᠥ ᠴᠠᠭ ᠬᠥᠭᠵᠢᠯ ᠢᠷᠡᠭᠰᠡᠨ ᠴᠤ ᠮᠤᠩᠭᠤᠯ ᠬᠦᠦ ᠮᠤᠩᠭᠤᠯ ᠶᠢᠠᠷ ᠶᠢᠠᠨ

ᠠᠮᠢᠨ ᠡᠴᠡ ᠦᠨᠡᠲᠡᠢ ᠡᠬᠡ ᠤᠷᠤᠨ ᠳᠠᠭᠠᠨ ᠠᠮᠢᠳᠤᠷᠠᠵᠤ ᠦᠭᠦᠨ᠎ᠡ

ᠶᠡᠬᠡ ᠮᠤᠩᠭᠤᠯ ᠲᠤᠭᠤᠷᠭᠠᠲᠠᠨ ᠵᠢᠷᠭᠠᠯ ᠢ ᠦᠵᠡᠨ᠎ᠡ

 

(ᠬ·ᠬᠠᠯᠢᠭᠤᠨ "Digital")

ᠮᠤᠷᠢᠲᠠᠨ ᠮᠤᠩᠭᠤᠯ ᠦᠷᠡᠲᠦ ᠶᠢᠨ ᠶᠢᠡᠨ ᠮᠤᠩᠭᠤᠯ ᠲᠦᠮᠡᠨ ᠲᠠᠯ᠎ᠠ ᠶᠢᠨ ᠶᠢᠠᠨ

ᠮᠠᠯᠴᠢᠨ ᠠᠷᠠᠳ ᠮᠢᠨᠢ ᠤᠳᠤᠮ ᠤᠨ ᠬᠢ ᠮᠠᠨᠳᠤᠬᠤ ᠨᠠᠷᠠ ᠮᠢᠨᠢ ᠲᠡᠷᠲᠡᠭᠡᠬᠢ

ᠲᠡᠷᠲᠡᠭᠡ ᠦᠶ᠎ᠡ ᠡᠴᠡ ᠡᠬᠢᠯᠡᠨ ᠠᠢᠷᠠᠭ ᠰᠦ᠋ ᠪᠡᠨ ᠰᠦᠩᠨᠡᠭᠰᠡᠨ

ᠠᠷᠢᠭᠤᠨ ᠲᠩᠷᠢ ᠳᠦ ᠡᠷᠭᠦᠨ ᠠᠳᠤᠭᠤ ᠮᠠᠯ ᠶᠢᠠᠨ ᠥᠰᠭᠡᠭᠰᠡᠨ

ᠤᠳᠤᠮ ᠰᠠᠢᠲᠠᠢ ᠤᠯᠠᠨ ᠦᠨᠳᠦᠰᠦ ᠨᠢᠭᠡᠲᠦᠯ ᠲᠡᠢ

ᠡᠪᠥᠭᠡ ᠳᠡᠭᠡᠳᠦᠰ ᠮᠢᠨᠢ ᠨᠡᠭᠦᠳᠡᠯᠴᠢᠨ ᠮᠤᠩᠭᠤᠯ ᠨᠤᠲᠤᠭ ᠤᠨ ᠡᠵᠡᠨ ᠠᠪᠤ ᠡᠵᠢ ᠮᠢᠨᠢ

ᠬᠠᠮᠤᠭ ᠮᠤᠩᠭᠤᠯ ᠲᠠᠯ᠎ᠠ ᠶᠢᠨ ᠠᠷᠠᠳ ᠠᠨᠳᠠ ᠨᠥᠬᠥᠳ ᠮᠢᠨᠢ

ᠲᠠᠩᠬᠠᠢ ᠮᠤᠩᠭᠤᠯ ᠡᠩᠴᠡᠭᠡ ᠨᠢᠭᠡᠨ ᠬᠦᠦ

 

(ᠳ·ᠮᠠᠩᠯᠠᠢᠵᠢᠷᠭᠠᠯ " Ice Top ")

ᠳᠠᠩ ᠳᠠᠩ ᠶᠢᠠᠷ ᠶᠢᠠᠨ᠂ ᠠᠷᠪᠠ ᠠᠷᠪᠠ ᠪᠠᠷ ᠶᠢᠠᠨ᠂ ᠵᠠᠭᠤ ᠵᠠᠭᠤ ᠪᠠᠷ ᠶᠢᠠᠨ᠂

ᠮᠢᠩᠭ᠎ᠠ ᠮᠢᠩᠭ᠎ᠠ ᠪᠠᠷ ᠶᠢᠠᠨ᠂ ᠲᠦᠮᠡ ᠲᠦᠮᠡ ᠪᠡᠷ ᠶᠢᠡᠨ᠂ ᠪᠤᠮ ᠪᠤᠮ ᠪᠠᠷ ᠶᠢᠠᠨ᠂

ᠰᠠᠶ᠎ᠠ ᠰᠠᠶ᠎ᠠ ᠪᠠᠷ ᠶᠢᠠᠨ᠂ ᠵᠢᠸ᠎ᠠ᠂ ᠳ᠋ᠦᠩᠰᠢᠭᠤᠷ᠂ ᠲᠡᠷᠪᠤᠮ᠂ ᠶᠡᠬᠡ ᠲᠡᠷᠪᠤᠮ᠂

ᠨᠠᠶᠤᠳ ᠶᠢᠠᠷ ᠶᠢᠠᠨ ᠮᠤᠩᠭᠤᠯ ᠲᠤᠭᠤᠷᠭᠠᠲᠠᠨ ᠴᠤᠭᠯᠠᠷᠠᠭᠠᠳ᠂ ᠴᠤᠭᠯᠠᠷᠠᠭᠲᠤᠨ

ᠳᠠᠩ ᠳᠠᠩ ᠶᠢᠠᠷ ᠶᠢᠠᠨ᠂ ᠠᠷᠪᠠ ᠠᠷᠪᠠ ᠪᠠᠷ ᠶᠢᠠᠨ᠂ ᠵᠠᠭᠤ ᠵᠠᠭᠤ ᠪᠠᠷ ᠶᠢᠠᠨ᠂

ᠮᠢᠩᠭ᠎ᠠ ᠮᠢᠩᠭ᠎ᠠ ᠪᠠᠷ ᠶᠢᠠᠨ᠂ ᠲᠦᠮᠡ ᠲᠦᠮᠡ ᠪᠡᠷ ᠶᠢᠡᠨ᠂ ᠪᠤᠮ ᠪᠤᠮ ᠪᠠᠷ ᠶᠢᠠᠨ᠂

ᠰᠠᠶ᠎ᠠ ᠰᠠᠶ᠎ᠠ ᠪᠠᠷ ᠶᠢᠠᠨ᠂ ᠵᠢᠸ᠎ᠠ᠂ ᠳ᠋ᠦᠩᠰᠢᠭᠤᠷ᠂ ᠲᠡᠷᠪᠤᠮ᠂ ᠶᠡᠬᠡ ᠲᠡᠷᠪᠤᠮ᠂

ᠨᠠᠶᠤᠳ ᠶᠢᠠᠷ ᠶᠢᠠᠨ ᠮᠤᠩᠭᠤᠯ ᠲᠤᠭᠤᠷᠭᠠᠲᠠᠨ ᠴᠤᠭᠯᠠᠷᠠᠭᠠᠳ᠂ ᠴᠤᠭᠯᠠᠷᠠᠭᠲᠤᠨ

 

(ᠴ·ᠴᠡᠷᠡᠩᠪᠤᠯᠤᠳ)

ᠠᠯᠳᠠᠬᠤ ᠡᠴᠡ᠂ ᠠᠶᠤᠬᠤ ᠡᠴᠡ ᠪᠦᠦ ᠡᠮᠢᠶᠡ

ᠠᠷᠤ ᠳᠤᠨᠢ ᠨᠢᠭᠤᠭᠳᠠᠬᠤ ᠶᠢ ᠵᠢᠭᠰᠢᠵᠦ

ᠠᠷᠠᠳ ᠤᠯᠠᠨ ᠶᠢᠠᠨ ᠳᠠᠭᠠᠭᠤᠯᠤᠨ

ᠬᠤᠢᠴᠢ ᠦᠶ᠎ᠡ ᠪᠡᠨ ᠪᠤᠳᠤᠨ

ᠬᠤᠯᠠ ᠶᠢᠨ ᠵᠠᠮ ᠢ ᠬᠠᠷᠠᠵᠤ

ᠴᠢᠭ᠌ ᠵᠦᠭ ᠶᠢᠡᠨ ᠮᠡᠳᠡᠷᠡᠨ

ᠴᠢᠷᠦᠭᠳᠡᠵᠦ ᠪᠦᠦ ᠬᠤᠴᠤᠷ

ᠰᠠᠷᠠ ᠰᠢᠭ ᠭᠡᠢᠵᠦ

ᠨᠠᠷᠠ ᠰᠢᠭ ᠭᠡᠷᠡᠯᠲᠦᠵᠦ

ᠭᠠᠵᠠᠷ ᠲᠤ ᠭᠠᠯ ᠳᠦᠯᠦ ᠮᠡᠲᠦ

ᠲᠩᠷᠢ ᠳᠦ ᠤᠳᠤᠨ ᠭᠠᠷᠢᠭ ᠊ᠰ ᠯᠤᠭ᠎ᠠ

ᠦᠷᠭᠦᠯᠵᠢ ᠥᠭᠡᠳᠡ ᠪᠡᠨ᠂ ᠬᠠᠮᠲᠤ ᠳᠠᠭᠠᠨ᠂ ᠳᠡᠭᠡᠭᠰᠢ ᠪᠡᠨ

ᠪᠦᠲᠦᠨ ᠪᠡᠶ᠎ᠡ ᠪᠡᠨ ᠵᠤᠷᠢᠭᠤᠯᠤᠨ

ᠪᠦᠷᠢᠨ ᠤᠯᠤᠰ ᠶᠢᠠᠨ ᠬᠤᠷᠢᠶᠠᠵᠠᠭᠠᠶ᠎ᠠ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ