ᠵᠠᠯᠪᠠᠷᠢᠯ
(ᠳᠠᠭᠤᠴᠢᠨ ᠠᠯᠳᠠᠷ)
ᠪᠣᠷᠬᠠᠨ ᠪᠠᠭᠰᠢ ᠶᠢᠨ ᠰᠤᠷᠭᠠᠯ ᠢ ᠳᠠᠭᠠᠭᠠᠤᠨ
ᠪᠣᠳ᠋ᠳ᠋ᡁᠨ ᠶᠢᠨ ᠱᠠᠰᠢᠨ ᠢ ᠰᠥᠰᠦᠭᠯᠡᠭᠦ ᠪᠣᠯᠤᠭᠰᠠᠨ
ᠪᠣᠶᠠᠨ ᠭᠡᠰᠢᠭ᠌ ᠪᠢᠳᠠᠨ ᠳᠤ ᠵᠠᠶᠠᠭᠠᠭᠰᠠᠨ
ᠪᠣᠷᠬᠠᠨ ᠵᠠᠮᠠᠩ ᠳᠠᠭᠠᠨ ᠵᠠᠯᠪᠠᠷᠢᠮᠤ
ᠣᠮ ᠮᠠᠨᠢ ᠪᠠᠤᠨ ᠮᠢ ᠬᠤᠮ᠁
ᠰᠡᠵᠢᠭ᠌ ᠶᠢᠡᠷ ᠡᠪᠡᠳᠴᠤ ᠰᠥᠵᠢᠭ᠌ ᠶᠢᠡᠷ ᠡᠳᠡᠭᠡᠷᠡᠳᠡᠭ᠌ ᠭᠡᠵᠤ
ᠰᠤᠤᠳᠤ ᠠᠷᠠᠤᠨ ᠤᠨ ᠮᠢᠨᠢ ᠰᠠᠴᠠᠨ ᠥᠭᠡ ᠪᠣᠢ
ᠠᠯᠠᠭ᠎ᠠ ᠪᠠᠨ ᠬᠠᠪᠰᠤᠷᠤᠨ ᠵᠠᠪᠢᠯᠠᠨ ᠰᠠᠭᠤᠭᠠᠤᠨ
ᠠᠪᠣᠷᠭᠤ ᠪᠣᠷᠬᠠᠨ ᠳᠠᠭᠠᠨ ᠵᠠᠯᠪᠠᠷᠢᠮᠤ
ᠣᠮ ᠮᠠᠨᠢ ᠪᠠᠤᠨ ᠮᠢ ᠬᠤᠮ᠁
ᠡᠭᠢ ᠪᠣᠯᠤᠭᠰᠠᠨ ᠵᠢᠷᠭᠤᠭᠠᠨ ᠦᠰᠦᠭ᠌
ᠬᠠᠮᠤᠭ ᠠᠮᠢᠳᠠᠨ ᠤ ᠳᠤᠰᠠ ᠶᠢᠨ ᠳᠤᠯᠠᠳᠠ
ᠡᠷᠳᠡ ᠳᠡᠭᠡᠳᠤ ᠦᠶ᠎ᠡ ᠡᠴᠡ ᠮᠠᠨ ᠤ ᠮᠤᠩᠭ᠋ᠤᠯᠴᠤᠳ
ᠡᠨᠡ ᠯᠠ ᠱᠠᠰᠢᠨ ᠳᠠᠭᠠᠨ ᠵᠠᠯᠪᠠᠷᠢᠮᠤ
ᠤᠮ ᠮᠠᠨᠢ ᠪᠠᠤᠨ ᠮᠢ ᠬᠤᠮ᠁