ᠶᠠᠲᠤᠭ᠎ᠠ

ᠳᠠᠭᠤᠴᠢᠨ᠄ ᠫ᠊·ᠪᠠᠳᠠᠷᠴᠢ
ᠦᠭᠡ᠄ ᠫᠤᠨᠴᠤᠭ ᠤᠨ ᠪᠠᠳᠠᠷᠴᠢ
ᠴᠤᠮᠤᠭ ᠤᠨ ᠬᠠᠷᠢᠶ᠎ᠠ᠄ ᠶᠢᠰᠦᠨ ᠡᠷᠳᠡᠨᠢ ᠶᠢᠨ ᠤᠷᠤᠨ
ᠤᠷᠠᠯᠢᠭ ᠤᠨ ᠬᠤᠪᠢᠶᠠᠷᠢ᠄ ᠲᠤᠳᠤ ᠤᠩᠰᠢᠯᠭ᠎ᠠ
ᠳᠠᠷᠤᠮ᠄ 5618
ᠴᠠᠭ᠄ 2009 ᠤᠨ ᠤ 02 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ

ᠣᠨᠤᠨ ᠭᠡᠷᠦᠯᠤᠨ ᠬᠤᠶᠠᠷ ᠢ ᠪᠣᠯᠠᠭ ᠪᠠᠢ᠌ᠬᠤ ᠳᠤ ᠭᠡᠨ᠎ᠡ

ᠣᠷᠤᠭ᠎ᠠ ᠨᠢ᠋ᠮᠠᠨ ᠰᠢᠷᠭ᠎ᠠ ᠶᠢ ᠣᠨᠠᠭ᠎ᠠ ᠪᠠᠢ᠌ᠬᠤ ᠳᠤ ᠭᠡᠨ᠎ᠡ

ᠶᠠᠳᠤᠭ᠎ᠠ ᠭᠦᠭ᠍ᠵᠢᠮ᠂ ᠢᠯᠳᠠᠮᠬᠠᠨ ᠪᠦᠰᠡᠭᠦᠢ ᠪᠠᠢ᠌ᠵᠠᠢ

ᠢᠯᠳᠠᠮᠬᠠᠨ ᠪᠦᠰᠡᠭᠦᠢ ᠳᠡᠭᠡᠭᠡᠳ ᠶᠠᠳᠤᠭ᠎ᠠ ᠭᠦᠭ᠍ᠵᠢᠮ ᠪᠣᠯᠵᠠᠢ

ᠠᠶᠠᠨ ᠳᠠᠢ᠌ᠨ ᠤ ᠳᠤᠮᠳᠠᠭᠢ ᠡᠷ᠎ᠡ ᠨᠥᠭᠦᠷ ᠤᠨ ᠶᠢᠡᠨ ᠡᠩᠭᠡᠷ ᠨᠠᠯᠤᠨ

ᠠᠮᠠᠷᠠᠭ ᠮᠢᠨᠢ ᠳᠠᠭᠢᠵᠤ ᠳᠠᠢ᠌ᠨ ᠳᠤ ᠪᠣᠤ ᠶᠠᠪᠣᠭᠠᠴᠢ ᠭᠡᠵᠤ

ᠢᠨᠠᠭ ᠰᠠᠢ᠌ᠬᠠᠨ ᠪᠦᠰᠡᠭᠦᠢ ᠦᠨᠵᠢᠨ ᠰᠦᠨᠢᠵᠢᠨ ᠭᠤᠶᠤᠭᠠᠤᠨ

ᠶᠠᠪᠣᠨ᠎ᠠ ᠭᠡᠭᠦ ᠡᠷ᠎ᠡ ᠶᠢᠨ ᠶᠢᠡᠨ ᠳᠤᠭᠰᠢᠨ ᠥᠭᠡ ᠶᠢ ᠰᠤᠨᠤᠰᠤᠭᠠᠤᠨ

ᠡᠷᠭᠡ ᠴᠠᠭᠠᠨ ᠰᠤᠭᠤ ᠡᠩᠭᠦᠷᠡᠢ ᠳᠠᠩᠭᠢᠯ ᠪᠠᠶ᠎ᠠ ᠨᠢ

ᠡᠷ᠎ᠡ ᠨᠥᠭᠦᠷ ᠤᠨ ᠶᠢᠡᠨ ᠡᠪᠣᠷ ᠳᠡᠭᠡᠷ᠎ᠡ ᠳᠠᠷᠠ ᠴᠢᠭ᠌ ᠶᠢᠡᠷ ᠶᠢᠡᠨ ᠴᠠᠷᠴᠠᠵᠤ

ᠡᠭᠡᠮ ᠪᠠᠨ ᠨᠦᠮᠦᠷᠢᠨ ᠣᠷᠤᠰᠤᠭᠰᠠᠨ ᠬᠠᠷ᠎ᠠ ᠮᠢᠠᠳᠠᠰᠤ ᠭᠡᠵᠢᠭᠡ ᠨᠢ

ᠡᠭᠡᠯ ᠪᠠᠢ᠌ᠭᠰᠠᠨ ᠶᠠᠩᠵᠤ ᠪᠠᠷ ᠶᠢᠡᠨ ᠣᠳᠠᠰᠤ ᠪᠣᠯᠤᠨ ᠬᠤᠪᠢᠷᠠᠵᠠᠢ᠃

ᠦᠨᠦᠴᠢᠨ ᠳᠤᠭᠤᠷᠤᠤ ᠶᠢᠨ ᠰᠢᠭ ᠳᠠᠭᠤ ᠨᠢ ᠡᠭᠡᠳᠡᠷᠡᠨ ᠭᠠᠩᠨᠠᠭᠠᠤᠨ

ᠡᠪᠦᠳᠦᠭ᠌ ᠳᠡᠷᠯᠡᠭ᠍ᠰᠡᠨ ᠪᠦᠰᠡᠭᠦᠢ ᠶᠠᠳᠤᠭ᠎ᠠ ᠪᠣᠯᠤᠨ ᠬᠤᠪᠢᠯᠵᠠᠢ᠃

ᠠᠶ᠎ᠠ᠂ ᠡᠷ᠎ᠡ ᠭᠦᠮᠦᠰ ᠴᠢ ᠡᠭᠡᠨᠡᠭ᠍ᠳᠡ ᠪᠣᠤ ᠣᠮᠤᠭᠰᠢ

ᠠᠪᠣᠯᠭᠠᠴᠢ ᠳᠤᠭᠰᠢᠨ ᠳᠦᠷᠢ ᠪᠠᠷ ᠵᠢᠷᠦᠭᠡ ᠪᠠᠨ ᠪᠣᠤ ᠳᠠᠭᠢ

ᠥᠩᠭᠡᠯᠢᠭ᠌ ᠰᠠᠢ᠌ᠬᠠᠨ ᠭᠡᠷᠭᠡᠢ ᠴᠢᠨᠢ ᠦᠨᠢᠳᠠ ᠭᠤᠮᠤᠳᠠᠵᠤ

ᠡᠪᠣᠷ ᠳᠡᠭᠡᠷ᠎ᠡ ᠴᠢᠨᠢ ᠣᠳᠠᠰᠤ ᠬᠤᠯᠤᠰᠤ ᠬᠤᠪᠢᠯᠵᠤ

ᠦᠷᠦᠭᠡᠯ ᠤᠨ ᠭᠠᠷ ᠶᠢᠡᠷ ᠯᠠ ᠥᠭᠦᠯᠡᠵᠤ ᠳᠠᠭᠤᠯᠠᠬᠤ ᠳᠡᠳᠥᠢᠭᠡᠨ

ᠡᠳᠦᠭᠡ ᠡᠨᠡ ᠶᠠᠳᠤᠭ᠎ᠠ ᠪᠣᠯᠵᠤ ᠬᠤᠪᠢᠷᠠᠵᠠᠢ᠃

ᠣᠨᠤᠨ ᠭᠡᠷᠦᠯᠤᠨ ᠬᠤᠶᠠᠷ ᠢ ᠪᠣᠯᠠᠭ ᠪᠠᠢ᠌ᠬᠤ ᠳᠤ ᠭᠡᠨ᠎ᠡ

ᠣᠷᠤᠭ᠎ᠠ ᠨᠢ᠋ᠮᠠᠨ ᠰᠢᠷᠭ᠎ᠠ ᠶᠢ ᠣᠨᠠᠭ᠎ᠠ ᠪᠠᠢ᠌ᠬᠤ ᠳᠤ ᠭᠡᠨ᠎ᠡ

ᠶᠠᠳᠤᠭ᠎ᠠ ᠭᠦᠭ᠍ᠵᠢᠮ᠂ ᠢᠯᠳᠠᠮᠬᠠᠨ ᠪᠦᠰᠡᠭᠦᠢ ᠪᠠᠢ᠌ᠵᠠᠢ

ᠢᠯᠳᠠᠮᠬᠠᠨ ᠪᠦᠰᠡᠭᠦᠢ ᠳᠡᠭᠡᠭᠡᠳ ᠶᠠᠳᠤᠭ᠎ᠠ ᠭᠦᠭ᠍ᠵᠢᠮ ᠪᠣᠯᠵᠠᠢ᠃

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ