ᠣᠷᠤᠨ ᠵᠠᠢ

ᠳᠠᠭᠤᠴᠢᠨ᠄ ᠭᠤᠮᠪᠤ ᠶᠢᠨ ᠷᠠᠪᠳᠠᠨ
ᠦᠭᠡ᠄ ᠪ᠊·ᡀᠠᠭᠪᠠᠰᠦ᠋ᠷᠦᠩ
ᠴᠤᠮᠤᠭ ᠤᠨ ᠬᠠᠷᠢᠶ᠎ᠠ᠄ ᠪᠢ ᠬᠠᠮᠢᠭ᠎ᠠ ᠲᠦᠷᠦᠭᠡ ᠪᠤᠢ
ᠤᠷᠠᠯᠢᠭ ᠤᠨ ᠬᠤᠪᠢᠶᠠᠷᠢ᠄ ᠲᠤᠳᠤ ᠤᠩᠰᠢᠯᠭ᠎ᠠ
ᠳᠠᠷᠤᠮ᠄ 4378
ᠴᠠᠭ᠄ 2009 ᠤᠨ ᠤ 01 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ

(ᠭᠤᠮᠪᠣ ᠶᠢᠨ ᠷᠠᠪᠳᠠᠨ ᠣᠶᠠᠩᠭ᠋ᠠᠯᠠᠪᠠ)

 

ᠣᠷᠤᠨ ᠵᠠᠢ

        ᠪ᠊·ᡀᠬᠠᠪᠠᠰᠦ᠋ᠷᠤᠩ

 

ᠪᠠᠢ᠌ᠳᠠᠯ

 

ᠣᠷᠴᠢᠯᠠᠩ ᠤᠨ ᠭᠦᠭᠡ ᠳᠤᠭᠤᠷᠢᠭ ᠤᠨ

ᠭᠤᠨᠢᠭ ᠪᠠᠶᠠᠷ ᠤᠨ ᠴᠡᠭ᠌

ᠭᠤᠤᠯ ᠤᠨ ᠰᠠᠢ᠌ᠷ ᠰᠢᠷᠳᠡᠭᠯᠡᠭ᠍ᠰᠡᠨ

ᠭᠤᠷᠪᠠᠨ ᠴᠤᠬᠤᠷ ᠥᠡᠳᠡᠭᠡ ᠁᠁

ᠳᠤᠳᠤᠷ᠎ᠠ ᠨᠢ ᠳᠡᠭ᠍ᠷᠢ ᠶᠢᠨ ᠵᠡᠭᠦᠳᠤ ᠣᠠᠳᠠᠨ᠎ᠠ

ᠳᠤᠮᠳᠠᠭᠤᠷ ᠨᠢ ᠨᠠᠷᠠᠨ ᠤ ᠭᠡᠷᠡᠯ ᠣᠷᠤᠰᠤᠨ᠎ᠠ᠃

ᠣᠷᠴᠢᠯᠠᠩ ᠤᠨ

ᠣᠷᠤᠨ ᠵᠠᠢ ᠡᠴᠡ

ᠭᠤᠷᠪᠠᠨ ᠪᠦᠭᠡᠷᠡᠩᠭᠡᠢ ᠵᠠᠢ

ᠭᠤᠷᠪᠠᠨ ᠪᠢᠳᠡᠭᠦᠤ ᠵᠠᠶᠠᠭ᠎ᠠ ᠪᠣᠯᠢᠶᠠᠵᠤ

ᠠᠮᠢ ᠬᠠᠯᠢᠰᠤ ᠲᠡᠶ ᠯᠤᠭᠰᠢᠨ᠎ᠠ

ᠠᠵᠠ ᠡᠵᠡ ᠲᠡᠶ ᠪᠠᠨ ᠣᠠᠳᠠᠨ᠎ᠠ

ᠭᠦᠭᠡ ᠨᠤᠭᠤᠭᠠᠨ ᠤ ᠵᠡᠷᠭᠡᠯᠭᠡ

ᠭᠡᠯᠪᠠᠷᠢ ᠶᠢ ᠨᠢ ᠡᠪᠳᠡᠨ᠎ᠡ

ᠬᠠᠷᠠᠭᠤ ᠡᠭᠡ ᠨᠢ ᠰᠠᠷᠪᠠᠯᠵᠠᠵᠤ

ᠬᠠᠳᠠᠭᠤ ᠭᠠᠵᠠᠷ ᠤᠨ ᠳᠠᠷᠨᠢ ᠣᠩᠰᠢᠨ᠎ᠠ

ᠳᠠᠳᠠᠨ ᠢ

ᠭᠦᠭᠡᠷᠡᠭᠦ ᠳᠡᠭ᠍ᠷᠢ

ᠭᠦᠭᠡᠭᠡᠭᠦ ᠬᠠᠷᠴᠠᠭᠠᠢ ᠭᠦᠯᠢᠶᠡᠨ᠎ᠡ

ᠳᠠᠳᠠᠨ ᠢ

ᠭᠦᠭᠡ ᠰᠤᠠᠳᠤᠤᠯᠠ

ᠴᠠᠭᠠᠨ ᠡᠭᠦᠯᠡ ᠭᠦᠯᠢᠶᠡᠨ᠎ᠡ

ᠬᠠᠵᠠᠭᠤᠬᠠᠨ ᠳ᠋ᠤᠨᠢ

ᠡᠷᠡᠭᠡᠢ ᠣᠷᠢᠶᠠᠬᠤ ᠨᠢᠯᠬ᠎ᠠ ᠵᠡᠭᠡᠰᠤ ᠲᠡᠶ

ᠰᠤᠬᠤᠷ ᠨᠠᠭᠤᠷ

ᠡᠷᠭᠢ ᠶᠢᠨ ᠰᠠᠷᠠᠯ ᠴᠢᠯᠠᠭᠤ ᠪᠠᠨ

ᠰᠠᠮᠠᠷᠳᠠᠵᠤ ᠳᠤᠭᠠᠯᠠᠨ᠎ᠠ

ᠵᠢᠩ ᠦᠳᠡ ᠶᠢᠨ ᠡᠭᠦᠯᠡᠰ

ᠨᠠᠭᠤᠷ ᠲᠤ ᠣᠢ᠌ᠵᠤ

ᠵᠢᠩ ᠥᠭᠡᠢ᠌ᠳᠡᠨ ᠭᠦᠭᠡᠭᠡᠴᠡᠯᠳᠦᠵᠤ

ᠭᠦᠯᠪᠠᠷᠢᠨ ᠨᠤᠷᠤᠨ᠎ᠠ

ᠳᠤᠭᠤᠷᠢᠭ ᠥᠡᠴᠦᠭ᠌ ᠬᠤᠤᠠᠬᠤᠯᠳᠤᠭᠰᠠᠨ

ᠳᠤᠭᠤᠰᠤᠳᠤ ᠶᠢᠨ ᠶᠡᠭᠡ ᠣᠷᠤᠨ ᠵᠠᠢ ᠳᠤ

ᠡᠭᠦᠰᠦᠯ ᠮᠥᠭᠦᠯ

 ᠦᠭᠡᠶ ᠪᠣᠢ ᠲᠡᠶ ᠪᠠᠨ

ᠠᠪᠴᠠᠯᠳᠤᠨ

ᠠᠯᠠᠯᠳᠤᠨ

ᠠᠷᠰᠠᠯᠳᠤᠨ

ᠠᠷᠭᠠᠳᠠᠨ

ᠣᠷᠤᠰᠢᠵᠤ ᠡᠰᠡ ᠣᠷᠤᠰᠢᠨ᠎ᠠ

ᠨᠠᠭᠤᠷ ᠳᠤᠳᠤᠷ᠎ᠠ ᠪᠠᠨ ᠳᠠᠪᠣᠰᠤ ᠲᠡᠶ

ᠥᠡᠳᠡᠭᠡ ᠳᠤᠳᠤᠷ᠎ᠠ ᠪᠠᠨ ᠰᠢᠪᠠᠭᠤ ᠲᠡᠶ

ᠨᠠᠭᠤᠷ ᠪᠣᠯᠭᠠᠨ ᠳᠠᠪᠣᠰᠤ ᠲᠡᠶ ᠪᠠᠢ᠌ᠬᠤ ᠦᠭᠡᠶ

ᠥᠡᠳᠡᠭᠡ ᠪᠣᠯᠭᠠᠨ ᠰᠢᠪᠠᠭᠤ ᠪᠣᠯᠬᠤ ᠦᠭᠡᠶ

ᠬᠠᠷᠢᠨ ᠁᠁

ᠨᠢᠯᠪᠣᠰᠤ ᠪᠣᠯᠭᠠᠨ ᠳᠠᠪᠣᠰᠤ ᠲᠡᠶ ᠨᠢ

ᠬᠠᠴᠢᠨ ᠁᠁

 

ᠭᠦᠳᠡᠯᠭᠡᠭᠡᠨ

 

ᠴᠠᠭᠠᠨ ᠳᠤᠭᠤᠰᠤᠨ ᠳᠠᠭᠠᠨ ᠪᠦᠷᠦᠯᠵᠡᠭ᠍ᠰᠡᠨ

ᠴᠠᠩᠭ᠋ᠠᠭᠰᠠᠨ ᠠᠳᠤᠭᠤ ᠨᠠᠭᠤᠷ ᠤᠨ ᠵᠥᠭ᠌ ᠠᠢ᠌ᠰᠤᠢ

ᠠᠢ᠌ᠰᠤᠢ ᠭᠦᠯ ᠳ᠋ᠤᠨᠢ

ᠴᠢᠯᠠᠭᠤ ᠦᠰᠦᠴᠢᠵᠤ

ᠠᠳᠤᠭᠤᠨ ᠤ ᠰᠡᠭᠦᠯ ᠳᠤ

ᠳᠡᠭ᠍ᠷᠢ ᠰᠢᠷᠢᠯᠳᠤᠨ᠎ᠠ

ᠣᠰᠤᠨ ᠤ ᠦᠨᠦᠷ

ᠠᠳᠤᠭᠤ ᠶᠢ ᠴᠠᠩᠭ᠋ᠠᠭᠠᠵᠤ

ᠠᠭᠤᠯᠠᠰ ᠤᠨ ᠬᠤᠰᠢᠯᠠᠩ

ᠴᠢᠮᠡᠭᠡᠨ ᠳᠤ ᠴᠢᠪᠴᠠᠷᠠᠨ᠎ᠠ

ᠳᠠᠯ ᠶᠢᠡᠨ ᠢᠯᠳᠤᠯᠠᠨ ᠳᠡᠷᠭᠡᠭᠦ

ᠳᠤᠭᠰᠢᠨ ᠠᠭᠠᠳᠠᠷ ᠰᠢᠭ ᠮᠤᠷᠢᠳ

ᠭᠦᠯ ᠲᠡᠶ ᠳᠣᠢ᠌ᠮᠠᠷ

ᠳᠤᠭᠤᠰᠤᠯᠠᠨ ᠰᠢᠳᠠᠵᠤ

ᠭᠠᠯ ᠲᠡᠶ ᠴᠢᠯᠠᠭᠤ

ᠳᠤᠷᠳᠤᠭᠯᠠᠨ ᠪᠣᠴᠠᠯᠬᠤ ᠰᠢᠭ ᠁᠁

ᠠᠷᠠᠯ ᠲᠡᠶ ᠨᠠᠭᠤᠷ ᠣᠷᠤᠭᠤ

ᠠᠳᠤᠭᠤ ᠰᠤᠮᠤᠯᠠᠨ

ᠣᠭᠳᠠᠷᠭᠤᠢ ᠶᠢᠨ ᠠᠯᠴᠢᠭᠤᠷ ᠰᠡᠭᠦᠯᠳᠤ ᠣᠳᠤ ᠮᠠᠳᠤ

ᠣᠭᠤᠷᠴᠤᠭ ᠳᠤᠯᠤᠭᠠᠤᠨ ᠶᠢᠡᠷ ᠪᠣᠳᠠᠷᠠᠨ ᠠᠢ᠌ᠰᠤᠢ ᠁᠁

ᠭᠡᠰᠡᠭ᠌ ᠳᠠᠷᠠᠰᠤᠨ ᠤ ᠢᠷᠤᠭᠠᠷ ᠡᠴᠡ

ᠭᠡᠪᠠᠯᠢ ᠪᠠᠷ ᠭᠠᠵᠠᠷ ᠢ ᠢᠯᠢᠭ᠍ᠴᠢ

ᠡᠷᠢᠶᠡᠨ ᠵᠢᠰᠤ ᠲᠡᠶ ᠰᠤᠷ

ᠡᠯᠢᠭᠡ ᠱᠠᠯᠳᠠᠩ ᠮᠤᠭᠠᠢ

ᠴᠢᠮᠡᠭᠡᠨ ᠳᠤ ᠪᠠᠰᠠ ᠳᠤᠷᠭᠢᠵᠤ

ᠴᠡᠭ᠌ ᠶᠢᠡᠨ ᠪᠣᠷᠤᠭᠤᠯᠠᠨ ᠮᠤᠷᠤᠯᠵᠠᠪᠠ

ᠠᠪᠢᠶ᠎ᠠ ᠰᠢᠭᠤᠷᠠᠬᠤ ᠳᠤ ᠭᠠᠢ ᠮᠠᠳᠠᠷᠠᠵᠤ

ᠠᠮᠢ ᠪᠠᠨ ᠨᠢᠭᠤᠬᠤ ᠵᠠᠢ ᠳᠠᠮᠳᠠᠴᠢᠪᠠ

ᠠᠵᠠ ᠶᠢᠨ ᠱᠤ᠋ ᠶᠢᠨ ᠭᠤᠷᠪᠠᠨ ᠨᠢᠳᠤ ᠰᠢᠭ᠌

ᠠᠯᠠᠭᠠᠨ ᠴᠢᠨᠡᠭᠡ ᠡᠭᠦᠷ ᠲᠤᠬᠢᠶᠠᠪᠠ

ᠠᠮᠢᠨ ᠬᠤᠤᠬᠠᠢ ᠶᠢᠨ ᠰᠠᠷᠠᠯ ᠰᠥᠭᠡᠭᠡᠯᠡᠵᠤ

᠊ᠭ᠍ᠱᠡᠨ᠎ᠡ ᠳᠠᠷᠠ ᠡᠭᠦᠷ ᠶᠢ ᠭᠤᠷᠪᠠ ᠣᠷᠢᠶᠠᠪᠠ

ᠣᠭᠤᠷᠠᠭ ᠲᠠᠭᠠᠨ ᠬᠠᠯᠠᠭᠤᠷᠠᠭᠰᠠᠨ

ᠣᠨᠠᠭ᠎ᠠ ᠴᠤ ᠭᠢᠰᠭᠡᠳᠡᠭ᠌ ᠦᠭᠡᠶ ᠰᠢᠪᠠᠭᠤᠨ ᠤ ᠡᠭᠦᠷ ᠢ

ᠠᠮᠢ ᠳᠡᠮᠡᠴᠡᠭ᠍ᠰᠡᠨ ᠮᠤᠭᠠᠢ᠌ᠳ

ᠠᠮᠤᠷᠯᠢᠩᠭ᠋ᠤᠢ ᠪᠣᠷᠬᠠᠨ

ᠠᠳᠠ ᠢᠳᠭᠡᠷ ᠤᠨ

ᠠᠯᠢ ᠠᠯᠢ ᠨᠢ

ᠠᠮᠠ ᠪᠣᠯᠢᠶᠠᠯᠳᠤᠨ ᠵᠢᠭᠠᠵᠤ ᠥᠭ᠍ᠴᠡᠢ ᠁᠁

ᠣᠷᠢ ᠶᠢᠨ ᠣᠰᠤ ᠮᠠᠳᠤ ᠠᠳᠤᠭᠤ

ᠠᠭᠤᠯᠠ ᠠᠭᠤᠯᠠ ᠶᠢᠨ ᠳᠤᠮᠳᠠᠭᠤᠷ

ᠪᠠᠭᠳᠠᠵᠤ ᠶᠠᠳᠠᠬᠤ ᠮᠦᠷᠳᠠᠯ᠎ᠠ ᠪᠠᠨ

ᠣᠷᠤᠰᠤᠭᠰᠠᠨ ᠰᠥ᠋ ᠮᠠᠳᠤ ᠠᠳᠤᠭᠤ

ᠣᠮᠤᠭᠤᠷ ᠡᠭᠦᠷ ᠤᠨ ᠳᠡᠷᠭᠡᠳᠡᠭᠦᠷ

ᠪᠣᠰᠬᠠᠨ ᠵᠠᠢ᠌ᠮᠤᠵᠤ ᠥᠩᠭᠡᠷᠡᠵᠡᠢ

ᠥᠡᠳᠡᠭᠡ ᠮᠤᠭᠠᠢ ᠬᠤᠶᠠᠷ ᠳᠡᠭᠡᠷ᠎ᠡ

ᠦᠯᠦᠨ ᠳᠤᠭᠤᠰᠤ ᠪᠠᠭᠤᠵᠤ

ᠦᠷᠳᠤᠯ ᠡᠴᠡ ᠭᠡᠳᠦᠯᠦᠭ᠍ᠰᠡᠨ ᠮᠤᠭᠠᠢ

ᠴᠢᠪᠴᠠᠷᠠᠭᠰᠠᠨ ᠪᠠᠶ᠎ᠠ ᠪᠠᠨ ᠰᠤᠯᠠᠯᠠᠪᠠ

ᠳᠤᠭᠤᠰᠤ ᠴᠡᠴᠡᠭ᠌ ᠲᠤ ᠪᠠᠭᠤᠵᠤ

ᠳᠤᠯᠤᠭᠠᠤᠨ ᠳᠤᠨᠢᠶᠠᠷᠠᠨ ᠴᠢᠮᠡᠭᠡ ᠳᠠᠷᠤᠪᠠ

ᠨᠠᠭᠤᠷ ᠲᠤ ᠪᠠᠭᠤᠭᠰᠠᠨ ᠡᠭᠦᠯᠡᠰ ᠢ ᠦᠷᠭᠦᠭᠡᠨ

ᠠᠳᠤᠭᠤ ᠣᠰᠤᠨ ᠳᠤ ᠣᠷᠤᠵᠤ

ᠨᠤᠭᠤᠰᠤ ᠴᠤ ᠭᠦᠳᠡᠯᠭᠡᠭᠡ ᠦᠭᠡᠶ ᠳᠤᠩᠭ᠋ᠠᠯᠠᠭ ᠢ ᠨᠢ ᠰᠢᠯᠢᠨ

ᠠᠷᠢᠭᠤᠨ ᠣᠰᠤᠨ ᠤ ᠦᠷᠤᠮ᠎ᠠ ᠶᠢ ᠰᠢᠮᠠᠪᠠ

ᠣᠮᠤᠷᠤᠤ ᠡᠴᠡ ᠨᠢ ᠣᠨᠠᠭᠰᠠᠨ ᠭᠠᠭᠴᠠ ᠳᠤᠰᠤᠯ ᠳᠤ

ᠣᠳᠤ ᠤᠢ᠌ᠴᠢᠬᠤ ᠰᠢᠭ ᠴᠠᠭᠠᠷᠢᠭ ᠳᠡᠯᠭᠡᠨ᠎ᠡ

ᠮᠤᠠᠳᠠᠭᠠᠨ ᠳᠡᠭᠡᠷ᠎ᠡ ᠨᠢ

ᠯᠤᠠᠳᠠᠭ᠎ᠠ ᠮᠠᠠᠳᠤᠭᠰᠠᠨ ᠮᠤᠷᠢᠳ ᠢ ᠬᠠᠷᠠᠬᠤ ᠳᠤ

ᠬᠠᠭᠤᠷᠠᠢ ᠭᠠᠵᠠᠷ ᠲᠤ ᠠᠭᠠᠭ ᠨᠢ ᠪᠠᠭᠳᠠᠬᠤ ᠪᠠᠨ ᠪᠠᠢ᠌ᠭᠠᠤᠨ

ᠨᠣᠢ᠌ᠳᠠᠨ ᠣᠰᠤᠨ ᠳᠤ ᠭᠦᠯᠭᠡᠯᠡᠭ᠍ᠰᠡᠨ

ᠬᠤᠪᠢᠯᠠᠢ ᠰᠠᠴᠠᠨ ᠬᠠᠭᠠᠨ ᠤ ᠣᠩᠭ᠋ᠤᠴᠠᠨ ᠰᠡᠯᠢᠭᠦᠷ

ᠨᠤᠮᠤᠬᠠᠨ ᠳᠠᠯᠠᠢ ᠶᠢ ᠴᠠᠪᠴᠢᠬᠤ ᠰᠢᠭ ᠰᠠᠨᠠᠭᠳᠠᠨ᠎ᠠ

 

ᠶᠠᠪᠣᠳᠠᠯ

 

ᠡᠨᠡᠯᠤᠨ ᠠᠮᠢᠷᠠᠯᠠᠭᠰᠠᠨ ᠮᠤᠭᠠᠢ

ᠮᠠᠰᠠᠨ ᠳᠤᠯᠤᠭᠠᠢ ᠪᠠᠨ ᠴᠤᠩᠨᠣᠢ᠌ᠯᠭᠠᠪᠠᠯ

ᠡᠷᠡᠤ ᠳᠤᠤᠷ᠎ᠠ ᠨᠢ ᠬᠤᠭᠤᠯᠠ

ᠡᠷᠭᠢᠨ ᠳᠤᠭᠤᠷᠢᠨ ᠨᠠᠮ ᠭᠦᠮ

ᠳᠡᠭᠡᠭᠡᠷ᠎ᠡ ᠪᠣᠯᠬᠤ ᠨᠢᠭᠡ ᠴᠤ ᠠᠨᠢᠷ ᠦᠭᠡᠶ

ᠳᠡᠷᠳᠡᠭᠡ ᠳᠡᠭᠡᠷ᠎ᠡ ᠭᠠᠭᠴᠠ ᠰᠢᠪᠠᠭᠤ

ᠭᠠᠵᠠᠷ ᠡᠴᠡ ᠠᠷᠭᠠᠮᠵᠢᠶ᠎ᠠ ᠲᠡᠶ ᠳᠠᠷᠪᠠᠵᠤ

ᠭᠠᠰᠠᠯᠤᠨ ᠭᠠᠩᠭᠢᠨᠠᠨ ᠰᠠᠷᠪᠠᠯᠵᠠᠨ᠎ᠠ

ᠴᠤᠯᠪᠣᠭᠤᠷ ᠤᠨ ᠴᠢᠨᠡᠭᠡᠨ ᠠᠮᠢ ᠪᠠᠨ

ᠮᠤᠷᠢᠨ ᠳᠤᠭᠤᠷᠠᠢ ᠡᠴᠡ ᠪᠣᠯᠢᠶᠠᠭᠰᠠᠨ

ᠴᠤᠬᠤᠮ ᠤᠨ ᠨᠢᠭᠡᠨ ᠠᠴᠢ ᠭᠡᠵᠤ

ᠮᠡᠳᠡᠭᠦ ᠰᠡᠷᠡᠭᠦᠢ ᠦᠭᠡᠶ ᠮᠤᠭᠠᠢ

ᠠᠴᠢ ᠪᠣᠯᠤᠭᠰᠠᠨ ᠥᠡᠳᠡᠭᠡᠨ ᠤ ᠨᠢᠭᠡᠨ ᠳᠤ

ᠠᠮᠠ ᠪᠠᠨ ᠡᠪᠯᠡᠭᠦᠯᠵᠤ ᠡᠭᠢᠯᠡᠪᠡ

ᠬᠤᠮᠤᠬᠠᠢ ᠶᠢᠨ ᠰᠡᠳᠭᠢᠯ ᠳᠤ ᠣᠬᠠᠭᠠᠨ ᠳᠠᠯᠪᠢᠵᠤ

ᠬᠤᠶᠠᠷ ᠥᠡᠳᠡᠭᠡ ᠶᠢ ᠵᠠᠯᠭᠢᠵᠤ

ᠭᠦᠭᠦ ᠲᠡᠶ ᠪᠠᠢ᠌ᠭ᠎ᠠ ᠦᠭᠡᠶ ᠭᠦᠢᠳᠡᠨ

ᠪᠦᠭᠦ ᠲᠡᠶ ᠶᠤᠮ ᠰᠢᠭ ᠪᠣᠯᠤᠭᠰᠠᠨ ᠮᠤᠭᠠᠢ

ᠢᠳᠠᠰᠢ ᠪᠠᠨ ᠳᠠᠭᠠᠵᠤ ᠶᠠᠳᠠᠨ

ᠶᠡᠭᠡ ᠪᠣᠳᠠᠨ ᠳᠤ ᠰᠢᠷᠭᠤᠪᠠ

ᠦᠨᠦᠴᠢᠨ ᠥᠡᠳᠡᠭᠡ

ᠡᠭᠦᠷ ᠲᠡᠭᠡᠨ ᠬᠠᠵᠠᠢ᠌ᠨ ᠳᠤᠷᠣᠢ᠌ᠵᠤ

ᠦᠷᠦᠭᠡᠰᠤᠨ ᠵᠠᠢ ᠳ᠋ᠤᠨᠢ

ᠳᠡᠭ᠍ᠷᠢ ᠶᠢᠨ ᠥᠭᠡᠳᠡᠰᠤ ᠣᠨᠠᠪᠠ᠃

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ