ᠡᠵᠢ ᠶᠢᠨ ᠴᠢᠨᠠᠭᠰᠠᠨ ᠴᠠᠢ

ᠳᠠᠭᠤᠴᠢᠨ᠄ ᠰ·ᠵᠢᠪᠬᠤᠯᠠᠩ
ᠴᠤᠮᠤᠭ ᠤᠨ ᠬᠠᠷᠢᠶ᠎ᠠ᠄ ᠴᠢᠨ᠋ᠤᠩᠭᠤᠸ᠎ᠠ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 176883
ᠴᠠᠭ᠄ 2008 ᠤᠨ ᠤ 02 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

ᠣᠤᠭᠤᠭᠠᠤᠨ ᠰᠠᠭᠤᠬᠤ ᠳᠤ ᠮᠢᠨᠢ ᠣᠷᠮ᠎ᠠ ᠰᠡᠷᠭᠦᠭᠡᠭ᠍ᠰᠡᠨ

ᠣᠤᠭᠠᠯ ᠨᠤᠳᠤᠭ ᠤᠨ ᠮᠢᠨᠢ ᠠᠮᠳᠠᠳᠠᠢ᠌ᠬᠠᠨ ᠴᠠᠢ

ᠣᠯᠠᠨ ᠲᠦᠮᠡᠨ ᠤ ᠮᠢᠨᠢ ᠣᠮᠳᠠᠭᠠᠨ ᠪᠣᠯᠤᠭᠰᠠᠨ

ᠣᠷᠴᠢᠯᠠᠩ ᠳᠤ ᠭᠠᠭᠴᠠᠬᠠᠨ ᠡᠵᠢ ᠶᠢᠨ ᠮᠢᠨᠢ ᠴᠢᠨᠠᠭᠰᠠᠨ ᠴᠠᠢ

ᠠᠢ ᠭᠦᠢ

ᠡᠵᠢ ᠶᠢᠨ ᠮᠢᠨᠢ ᠠᠮᠳᠠᠳᠠᠢ᠌ᠬᠠᠨ ᠴᠠᠢ

 

ᠨᠣᠢ᠌ᠷ ᠤᠨ ᠳᠤᠮᠳᠠ ᠮᠢᠨᠢ ᠥᠵᠡᠭ᠍ᠳᠡᠭᠡᠳ ᠪᠠᠢ᠌ᠳᠠᠭ

ᠨᠤᠳᠤᠭ ᠤᠨ ᠮᠢᠨᠢ ᠠᠭᠠᠭ ᠲᠡᠶ ᠠᠮᠳᠠᠳᠠᠢ᠌ᠬᠠᠨ ᠴᠠᠢ

ᠬᠤᠰᠢᠭᠤ ᠠᠯᠤᠰ ᠡᠴᠡ ᠵᠤᠷᠢᠭᠠᠤᠨ ᠣᠴᠢᠬᠤ ᠳᠤ ᠮᠢᠨᠢ

ᠨᠢᠷᠤᠭᠤ ᠨᠢ ᠨᠠᠮᠬᠠᠨ ᠡᠵᠢ ᠶᠢᠨ ᠮᠢᠨᠢ ᠴᠢᠨᠠᠭᠰᠠᠨ ᠴᠠᠢ

ᠠᠢ ᠭᠦᠢ

ᠡᠵᠢ ᠶᠢᠨ ᠮᠢᠨᠢ ᠠᠮᠳᠠᠳᠠᠢ᠌ᠬᠠᠨ ᠴᠠᠢ

 

ᠬᠠᠷᠠᠵᠠᠨ ᠤ ᠣᠰᠤ ᠪᠠᠷ ᠵᠠᠯᠠᠵᠤ ᠴᠢᠨᠠᠭᠰᠠᠨ ᠴᠠᠢ

ᠬᠠᠷᠢ ᠶᠢᠨ ᠭᠦᠮᠤᠨ ᠢ ᠴᠤᠴᠢᠯᠠᠵᠤ ᠣᠭᠳᠤᠭᠰᠠᠨ

ᠬᠠᠢ᠌ᠯᠭᠠᠨ ᠰᠡᠳᠭᠢᠯ ᠶᠢᠡᠷ ᠶᠢᠡᠨ ᠳᠠᠪᠠᠭᠯᠠᠵᠤ ᠰᠥᠯᠡᠭ᠍ᠰᠡᠨ

ᠬᠠᠷᠠᠬᠠᠨ ᠨᠢᠳᠤ ᠲᠡᠶ ᠬᠠᠨᠢ ᠶᠢᠨ ᠮᠢᠨᠢ ᠴᠢᠨᠠᠭᠰᠠᠨ ᠴᠠᠢ

ᠠᠢ ᠭᠦᠢ

ᠡᠵᠢ ᠶᠢᠨ ᠮᠢᠨᠢ ᠠᠮᠳᠠᠳᠠᠢ᠌ᠬᠠᠨ ᠴᠠᠢ

 

ᠪᠢᠷ᠎ᠠ ᠲᠡᠶ ᠡᠷᠡᠴᠦᠳ ᠤᠨ ᠠᠮᠳᠠᠯᠠᠵᠤ ᠦᠰᠦᠭ᠍ᠰᠡᠨ

ᠪᠠᠶ᠎ᠠ ᠶᠢᠨ ᠭᠢᠨᠢ ᠴᠢᠯᠡᠭᠡ ᠶᠢ ᠨᠢ ᠳᠠᠢ᠌ᠯᠵᠤ ᠦᠭ‍ᠭᠦᠭ᠍ᠰᠡᠨ

ᠪᠠᠷ᠎ᠠ ᠳᠤ ᠬᠠᠷᠠᠭᠳᠠᠬᠤ ᠨᠡᠭᠦᠳᠡᠯ ᠤᠨ ᠡᠮᠦᠨ᠎ᠡ ᠡᠴᠡ

ᠪᠠᠷᠢᠭᠠᠤᠨ ᠯᠠ ᠳᠤᠰᠳᠠᠭ ᠡᠵᠢ ᠶᠢᠨ ᠮᠢᠨᠢ ᠴᠢᠨᠠᠭᠰᠠᠨ ᠴᠠᠢ

ᠠᠢ ᠭᠦᠢ

ᠡᠵᠢ ᠶᠢᠨ ᠮᠢᠨᠢ ᠠᠮᠳᠠᠳᠠᠢ᠌ᠬᠠᠨ ᠴᠠᠢ

ᠮᠤᠩᠭᠤᠯ ᠤᠨ ᠮᠢᠨᠢ ᠠᠮᠳᠠᠳᠠᠢ᠌ᠬᠠᠨ ᠴᠠᠢ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ