ᠴᠢᠮᠢ᠋ᠢ ᠲᠤᠭᠤᠷᠢᠨ ᠡᠷᠭᠢᠯᠳᠦᠨ᠎ᠡ

ᠳᠠᠭᠤᠴᠢᠨ᠄ ᠪᠦᠬᠦ ᠤᠳᠤᠳ
ᠦᠭᠡ᠄ ᠳ·ᠪᠠᠲᠤᠲᠦ᠋ᠷᠦ
ᠠᠶ᠎ᠠ᠄ ᠪ᠊·ᡀᠠᠭᠪᠠᠰᠦ᠋ᠷᠦᠩ
ᠴᠤᠮᠤᠭ ᠤᠨ ᠬᠠᠷᠢᠶ᠎ᠠ᠄ ᠬᠠᠮ ᠴᠤᠭᠯᠠᠷᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 11470
ᠴᠠᠭ᠄ 2019 ᠤᠨ ᠤ 08 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠸᠢᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠷ·ᠲᠦᠳᠦᠪᠳᠤᠷᠵᠢ ᠳᠠᠭᠤᠯᠠᠪᠠ)

 

ᠵᠤᠯᠠᠢ ᠳᠡᠭᠡᠷ᠎ᠡ ᠡᠴᠡ ᠴᠢᠨᠢ ᠪᠤᠷᠤᠭ᠎ᠠ ᠪᠤᠯᠤᠨ ᠠᠰᠭᠠᠷᠠᠵᠤ

ᠥᠯᠮᠡᠢ ᠳᠤᠤᠷ᠎ᠠ ᠡᠴᠡ ᠴᠢᠨᠢ ᠴᠡᠴᠡᠭ ᠪᠤᠯᠤᠨ ᠤᠷᠭᠤᠭᠠᠳ

ᠴᠢᠩ ᠬᠠᠢᠷ᠎ᠠ ᠶᠢᠨ ᠰᠡᠳᠬᠢᠯ ᠮᠢᠨᠢ

ᠴᠢᠮᠢ᠋ᠢ ᠲᠤᠭᠤᠷᠢᠨ ᠡᠷᠭᠢᠯᠳᠦᠨ᠎ᠡ

 

ᠳᠡᠷ᠎ᠡ ᠶᠢᠨ ᠳᠤᠤᠭᠤᠷ ᠴᠢᠨᠢ ᠰᠠᠷᠠᠨ ᠪᠤᠯᠤᠨ ᠰᠢᠷᠭᠤᠭᠠᠳ

ᠮᠠᠩᠨᠠᠢ ᠳᠡᠭᠡᠷ᠎ᠡ ᠡᠴᠡ ᠴᠢᠨᠢ ᠨᠠᠷᠠᠨ ᠪᠤᠯᠤᠨ ᠮᠠᠨᠳᠤᠭᠠᠳ

ᠴᠢᠩ ᠬᠠᠢᠷ᠎ᠠ ᠶᠢᠨ ᠰᠡᠳᠬᠢᠯ ᠮᠢᠨᠢ

ᠴᠢᠮᠢ᠋ᠢ ᠲᠤᠭᠤᠷᠢᠨ ᠡᠷᠭᠢᠯᠳᠦᠨ᠎ᠡ

 

ᠤᠷᠤᠭᠤᠯ ᠤᠨ ᠴᠢᠨᠢ ᠦᠵᠦᠭᠦᠷ ᠡᠴᠡ ᠳᠠᠭᠤᠤ ᠪᠤᠯᠤᠨ ᠰᠠᠴᠤᠷᠠᠵᠤ

ᠠᠭᠤᠯᠠᠰ ᠤᠨ ᠴᠢᠨᠢ ᠬᠢᠷ᠎ᠠ ᠡᠴᠡ ᠵᠤᠷᠠᠢ ᠪᠤᠯᠤᠨ ᠪᠠᠭᠤᠭᠰᠠᠨ

ᠴᠢᠩ ᠬᠠᠢᠷ᠎ᠠ ᠶᠢᠨ ᠰᠡᠳᠬᠢᠯ ᠮᠢᠨᠢ

ᠴᠢᠮᠢ᠋ᠢ ᠲᠤᠭᠤᠷᠢᠨ ᠡᠷᠭᠢᠯᠳᠦᠨ᠎ᠡ

 

ᠤᠨ ᠵᠢᠯ ᠦᠳ ᠦᠨ ᠴᠠᠭᠠᠨ᠎ᠠ ᠡᠴᠡ ᠳᠤᠷᠠᠳᠭᠠᠯ ᠪᠤᠯᠤᠨ ᠪᠠᠭᠤᠭᠠᠳ

ᠤᠴᠢᠬᠤ ᠭᠡᠰᠡᠨ ᠵᠦᠭ ᠡᠴᠡ ᠴᠢᠨᠢ ᠢᠷᠡᠭᠡᠳᠦᠢ ᠪᠤᠯᠤᠨ ᠲᠤᠰᠤᠭᠠᠳ

ᠴᠢᠩ ᠬᠠᠢᠷ᠎ᠠ ᠶᠢᠨ ᠰᠡᠳᠬᠢᠯ ᠮᠢᠨᠢ

ᠴᠢᠮᠢ᠋ᠢ ᠲᠤᠭᠤᠷᠢᠨ ᠡᠷᠭᠢᠯᠳᠦᠨ᠎ᠡ

ᠴᠢᠩ ᠬᠠᠢᠷ᠎ᠠ ᠶᠢᠨ ᠰᠡᠳᠬᠢᠯ ᠮᠢᠨᠢ

ᠴᠢᠮᠢ᠋ᠢ ᠲᠤᠭᠤᠷᠢᠨ ᠡᠷᠭᠢᠯᠳᠦᠨ᠎ᠡ

ᠴᠢᠩ ᠬᠠᠢᠷ᠎ᠠ ᠶᠢᠨ ᠰᠡᠳᠬᠢᠯ ᠮᠢᠨᠢ

ᠴᠢᠮᠢ᠋ᠢ ᠲᠤᠭᠤᠷᠢᠨ ᠡᠷᠭᠢᠯᠳᠦᠨ᠎ᠡ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ