ᠴᠦᠨ ᠯᠢᠶᠠᠩ
ᠳᠠᠷᠤᠮ᠄ 37653
ᠴᠦᠨ ᠯᠢᠶᠠᠩ ( ᠬᠠᠪᠤᠷ )᠂ ᠮᠤᠩᠭᠤᠯ ᠦᠨᠳᠦᠰᠦᠲᠡᠨ᠂ ᠴᠢᠩᠭᠢᠰ ᠬᠠᠭᠠᠨ ᠤ ᠭᠤᠴᠢᠨ ᠳᠦᠷᠪᠡᠳᠦᠭᠡᠷ ᠦᠶ᠎ᠡ ᠶᠢᠨ ᠠᠴᠢ᠂ ᠵᠢᠭᠠᠨ ᠰᠤᠷᠭᠠᠭᠴᠢ᠃ ᠴᠢᠩᠭᠢᠰ ᠬᠠᠭᠠᠨ ᠤ ᠡᠵᠡᠨᠲᠦ ᠭᠦᠷᠦᠨ ᠤ ᠬᠠᠰᠪᠤᠤ ᠲᠠᠮᠠᠭ᠎ᠠ ᠶᠢ ᠰᠤᠳᠤᠯᠤᠨ ᠰᠡᠷᠭᠦᠭᠡᠵᠦ ᠪᠦᠲᠦᠭᠡᠬᠦ ᠮᠡᠷᠭᠡᠵᠢᠯᠲᠡᠳ ᠤᠨ ᠭᠡᠰᠢᠭᠦᠨ᠂ ᠴᠢᠩᠭᠢᠰ ᠬᠠᠭᠠᠨ ᠤ ᠰᠤᠶᠤᠯ ᠢ ᠤᠯᠠᠮᠵᠢᠯᠠᠨ ᠳᠡᠯᠭᠡᠷᠡᠭᠦᠯᠦᠭᠴᠢ᠂ ᠤᠯᠤᠰ ᠡᠴᠡ ᠮᠡᠳᠡᠷᠡᠭᠰᠡᠨ ᠴᠢᠩᠭᠢᠰ ᠬᠠᠭᠠᠨ ᠤ ᠰᠢᠷᠢᠰ ᠪᠠᠷᠢᠮᠵᠢᠶ᠎ᠠ ᠬᠦᠷᠦᠭ ( ᠤᠯᠤᠰ ᠤᠨ ᠮᠦᠽᠧᠢ ᠳᠤ ᠪᠤᠢ᠂ ᠶᠤᠸᠠᠨ ᠤ ᠦᠶ᠎ᠡ ᠶᠢᠨ ᠬᠦᠷᠦᠭ ) ᠊ᠢ ᠵᠢᠷᠤᠭᠯᠠᠵᠤ ᠪᠦᠲᠦᠭᠡᠬᠦ ᠤᠶᠤᠨ ᠤ ᠡᠷᠬᠡ ᠶᠢ ᠦᠮᠴᠢᠯᠡᠭᠴᠢ᠂ ᠴᠢᠩᠭᠢᠰ ᠪᠤᠭᠳᠠ ᠶᠢᠨ ᠬᠦᠷᠦᠭ ᠤᠨ ᠤᠷᠠᠯᠠᠯ ᠴᠢᠮᠡᠭᠯᠡᠯ ᠤᠨ ᠤᠯᠤᠰ ᠤᠨ ᠡᠷᠭᠡ ᠶᠢ ᠦᠮᠴᠢᠯᠡᠭᠴᠢ᠂ ᠬᠠᠰ ᠤᠨ ᠰᠡᠢ᠌ᠯᠦᠮᠡᠯᠴᠢᠨ᠂ ᠲᠤᠯᠤᠭᠠᠢ ᠶᠢᠨ ᠵᠠᠰᠠᠯ ᠢ ᠲᠦᠰᠦᠪᠯᠡᠭᠴᠢ ᠵᠡᠷᠭᠡ ᠡᠯ᠎ᠡ ᠠᠵᠢᠯ ᠠᠯᠪᠠᠨ ᠳᠤ ᠭᠢᠯᠠᠷᠠᠵᠤ ᠶᠠᠪᠤᠭ᠎ᠠ ᠬᠦᠮᠦᠨ᠃ ᠲᠡᠭᠦᠨ ᠤ ᠭᠤᠤᠯ ᠪᠦᠲᠦᠭᠡᠯ ᠳᠤ᠄ ᠴᠢᠩᠭᠢᠰ ᠬᠠᠭᠠᠨ ᠤ ᠬᠠᠰ᠂ ᠠᠯᠲᠠ ᠮᠦᠩᠭᠦᠨ ᠬᠦᠷᠦᠭ ᠤᠳ᠂ ᠴᠢᠩᠭᠢᠰ ᠬᠠᠭᠠᠨ ᠤ ᠵᠠᠷᠯᠢᠭ ᠤᠨ ᠬᠠᠰ ᠭᠡᠷᠡᠭᠡ᠂ ᠡᠵᠡᠨ ᠰᠠᠩ ᠤᠨ ᠬᠠᠰ ᠪᠠᠷᠯᠠᠯ᠂ 《ᠶᠤᠸᠠᠨ ᠤᠯᠤᠰ ᠤᠨ ᠬᠦᠮᠦᠰ ᠤᠨ ᠨᠠᠮᠤᠷ ᠤᠨ ᠠᠪᠠ》 ᠵᠢᠨ ᠬᠠᠰ ᠰᠡᠢ᠌ᠯᠦᠮᠡᠯ᠂ ᠮᠤᠩᠭᠤᠯ ᠦᠨᠳᠦᠰᠦᠲᠡᠨ ᠤ ᠵᠠᠰᠠᠯ ᠴᠢᠮᠡᠭᠯᠡᠯ᠂ ᠪᠤᠷᠬᠠᠨ ᠬᠢᠭᠡᠳ ᠬᠦᠮᠦᠨ ᠤ ᠬᠠᠰ ᠬᠦᠷᠦᠭ ᠵᠡᠷᠭᠡ ᠰᠡᠢ᠌ᠯᠦᠮᠡᠯ ᠤᠳ ᠪᠤᠢ᠃ ᠲᠡᠷᠡ ᠪᠡᠷ ᠦᠪᠡᠷ ᠤᠨ ᠳᠠᠭᠤᠤ ᠶᠢᠨ ᠰᠤᠷᠢᠨᠵᠢᠨ ᠪᠢᠴᠢᠯᠭᠡ ᠬᠤᠶᠠᠷ ᠬᠤᠪᠢ ᠨᠡᠢ᠌ᠲᠡᠯᠡᠭᠰᠡᠨ ᠪᠦᠭᠡᠳ ᠪᠦᠬᠦ ᠤᠯᠤᠰ ᠤᠨ ᠬᠤᠷᠴᠢᠨ ᠠᠷᠠᠳ ᠤᠨ ᠳᠠᠭᠤᠤ ᠶᠢᠨ ᠠᠯᠲᠠᠨ ᠱᠠᠩᠨᠠᠯ᠂ ᠦᠪᠡᠷᠲᠡᠭᠡᠨ ᠵᠠᠰᠠᠬᠤ ᠤᠷᠤᠨ ᠤ 《ᠲᠠᠪᠤᠨ ᠨᠢᠭᠡ ᠢᠨᠵᠧᠨᠧᠷᠢᠩ》 ᠊ᠤᠨ ᠱᠠᠩᠨᠠᠯ ᠵᠡᠷᠭᠡ ᠶᠢ ᠬᠦᠷᠲᠡᠵᠡᠢ᠃
ᠴᠦᠨ ᠯᠢᠶᠠᠩ ᠮᠤᠩᠭᠤᠯ ᠰᠤᠶᠤᠯ ᠪᠠ ᠤᠯᠠᠨ ᠨᠡᠢ᠌ᠲᠡ ᠶᠢᠨ ᠦᠭᠯᠢᠭᠡ ᠶᠢᠨ ᠦᠢᠯᠡᠰ ᠲᠤ ᠦᠷᠭᠦᠯᠵᠢ ᠲᠦᠷᠦᠭᠦᠯᠡᠨ ᠤᠷᠤᠯᠴᠠᠵᠤ ᠪᠠᠢ᠌ᠭᠤᠯᠤᠯᠭ᠎ᠠ ᠨᠢᠭᠡᠴᠡ ᠵᠢᠴᠢ ᠨᠡᠢ᠌ᠭᠡᠮ ᠤᠨ ᠪᠦᠯᠬᠦᠮ᠂ ᠮᠦᠽᠧᠢ᠂ ᠰᠤᠷᠭᠠᠭᠤᠯᠢ ᠨᠤᠭᠤᠳ ᠲᠤ ᠦᠪᠡᠷ ᠤᠨ ᠪᠦᠲᠦᠭᠡᠯ ᠶᠢᠡᠨ ᠬᠠᠷᠠᠮ ᠦᠭᠡᠢ ᠬᠠᠨᠳᠢᠪᠯᠠᠳᠠᠭ ᠪᠠ ᠠᠵᠢᠯ ᠮᠡᠷᠭᠡᠵᠢᠯ ᠤᠨ ᠳᠡᠭᠡᠲᠦ ᠰᠤᠷᠭᠠᠭᠤᠯᠢ ᠳᠤ ᠬᠠᠰ ᠤᠨ ᠰᠡᠢ᠌ᠯᠪᠦᠷᠢ ᠶᠢᠨ ᠲᠤᠬᠠᠢ ᠰᠠᠢ᠌ᠨ ᠳᠤᠷ᠎ᠠ ᠶᠢᠨ ᠬᠢᠴᠢᠶᠡᠯ ᠤᠷᠤᠳᠠᠭ᠃ ᠲᠡᠷᠡ ᠪᠡᠷ ᠪᠠᠰᠠ ᠦᠪᠡᠷᠲᠡᠭᠡᠨ ᠵᠠᠰᠠᠬᠤ ᠤᠷᠤᠨ ᠤ ᠡᠯ᠎ᠡ ᠳᠡᠰ ᠤᠨ ᠪᠦᠬᠦ ᠴᠡᠴᠡᠷᠯᠢᠭ᠌ ᠤᠳ ᠲᠤ ᠬᠠᠮᠤᠭ ᠠᠩᠬ᠎ᠠ 《ᠠᠨ ᠵᠢᠢ ᠲᠤᠭᠯᠠᠭᠠᠮ》 ᠊ᠢ ᠰᠤᠷᠲᠠᠯᠴᠢᠯᠠᠨ ᠳᠡᠯᠭᠡᠷᠡᠭᠦᠯᠦᠭᠰᠡᠨ ᠶᠢᠡᠷ ᠪᠠᠷᠠᠬᠤ ᠦᠭᠡᠢ ᠰᠤᠷᠭᠠᠭᠤᠯᠢ ᠡᠴᠡ ᠡᠮᠦᠨᠡᠬᠢ ᠬᠡᠦᠬᠡᠳ ᠤᠨ ᠰᠤᠷᠭᠠᠯᠲᠠ ᠶᠢᠨ ᠨᠤᠮ ᠢ 30 ᠭᠠᠷᠤᠢ ᠪᠤᠳᠢ ᠨᠡᠢ᠌ᠲᠡᠯᠡᠭᠰᠡᠨ ᠤ ᠳᠤᠲᠤᠷ᠎ᠠ ᠡᠴᠡ ᠤᠯᠠᠩᠬᠢ ᠨᠢ ᠰᠤᠷᠭᠠᠭᠤᠯᠢ᠂ ᠴᠡᠴᠡᠷᠯᠢᠭ᠌ ᠤᠨ ᠵᠢᠭᠠᠨ ᠰᠤᠷᠭᠠᠯᠲᠠ ᠶᠢᠨ ᠮᠠᠲ᠋ᠧᠷᠢᠶᠠᠯ ᠪᠤᠯᠵᠤ ᠬᠡᠷᠡᠭᠯᠡᠭᠳᠡᠭᠰᠡᠭᠡᠷ ᠪᠠᠢ᠌ᠨ᠎ᠠ᠃