ᠰᠠᠢ᠌ᠰᠢᠶᠠᠯᠲᠤ
ᠳᠠᠷᠤᠮ᠄ 20448

ᠵᠠᠷᠤᠳ ᠬᠤᠰᠢ᠍ᠭᠤ ᠨᠤᠲᠤᠭᠲᠠᠢ ᠲᠠᠭᠤᠴᠢ᠍ᠨ ᠰᠠᠢ᠌ᠰᠢ᠍ᠶᠠᠯᠲᠤ 1983 ᠤᠨ ᠳᠤ ᠵᠠᠷᠤᠳ ᠬᠤᠰᠢ᠍ᠭᠤᠨ ᠤ ᠭᠡᠷᠴᠢ᠍ᠯᠠᠭᠤ ᠰᠤᠮᠤ ᠶᠢᠨ ᠪᠤᠷᠤᠬᠤᠰᠢ᠍ᠭᠤ ᠭᠠᠴᠠᠭ᠎ᠠ ᠳ᠋ᠥ ᠲᠥᠷᠥᠵᠠᠢ᠃ ᠤᠳ᠋ᠤ ᠥᠪᠥᠷ ᠮᠤᠩᠭ᠋ᠤᠯ ᠤᠨ ᠲᠥᠩᠯᠢ᠍ᠶᠤᠤ ᠬᠤᠲᠠ ᠶᠢᠨ ᠥᠨᠲᠥᠰᠥᠲᠡᠨ ᠤ ᠲᠠᠭᠤᠤ ᠪᠥᠵᠢ᠍ᠭ᠌ ᠤᠨ ᠪᠥᠯᠬᠥᠮ ᠳ᠋ᠥ ᠠᠵᠢ᠍ᠯᠯᠠᠵᠤ ᠪᠠᠢ᠌ᠨ᠎ᠠ᠃

2010 ᠤᠨ ᠳ᠋ᠥ ᠭᠤᠸᠠᠩᠵᠸᠤ ᠳ᠋ᠥ ᠶᠠᠪᠤᠭᠳ᠋ᠠᠭᠰᠠᠨ 《ᠶᠢ᠍ᠰᠥᠲᠥᠭᠡᠷ ᠬᠤᠭᠤᠴᠠᠭᠠᠨ ᠤ ᠲᠤᠮᠲᠠᠲᠤ ᠶᠢᠨ ᠤᠷᠠᠯᠢ᠍ᠭ ᠤᠨ ᠨᠠᠢ᠌ᠷ᠂ ᠪᠥᠬᠥ ᠤᠯᠤᠰ ᠤᠨ ᠠᠷᠪᠠᠨ ᠲᠠᠪᠤᠲᠤᠭᠠᠷ ᠤᠲᠠᠭᠠᠨ ᠤ ᠤᠯᠠᠨ ᠤᠲᠤᠳ ᠲᠠᠭᠤᠤ ᠶᠢᠨ ᠮᠥᠷᠥᠢ᠌ᠴᠡᠭᠡᠨ》 ᠳ᠋ᠥ 《ᠨᠤᠲᠤᠭ ᠤᠨ ᠪᠤᠭᠤᠷᠤᠯ ᠱᠠᠩᠰᠢ》 ᠬᠡᠬᠥ ᠲᠠᠭᠤᠤ ᠪᠡᠷ ᠶᠢᠡᠨ ᠲᠡᠷᠢ᠍ᠭᠥᠨ ᠲᠡᠰ᠂ ᠤᠲᠤᠳ ᠤᠨ ᠰᠠᠢ᠌ᠬᠠᠨ ᠵᠠᠯᠠᠭᠤ ᠲᠠᠭᠤᠴᠢ᠍ᠨ ᠤ ᠱᠠᠩᠨᠠᠯ ᠭᠥᠷᠲᠡᠵᠠᠢ᠃

2012 ᠤᠨ ᠳ᠋ᠥ ᠵᠤᠬᠢᠶᠠᠯ ᠤᠨ ᠲᠠᠭᠤᠤ 《ᠪᠤᠴᠠᠬᠤ ᠭᠠᠯᠠᠭᠤ》 ᠭᠡᠭᠥ ᠲᠠᠭᠤᠤ ᠪᠡᠷ ᠶᠢᠡᠨ ᠥᠪᠥᠷ ᠮᠤᠩᠭ᠋ᠤᠯ ᠤᠨ 《ᠲᠠᠪᠤ ᠨᠢ᠍ᠭᠡ ᠢᠨᠵᠧᠨᠧᠷᠢ᠍ᠩ》 ᠊ᠤᠨ ᠱᠠᠩᠨᠠᠯ ᠭᠥᠷᠲᠡᠵᠠᠢ᠃

2013 ᠤᠨ ᠳ᠋ᠥ ᠲᠥᠩᠯᠢ᠍ᠶᠤᠤ ᠬᠤᠲᠠ ᠳ᠋ᠥ ᠶᠠᠪᠤᠭᠳ᠋ᠠᠭᠰᠠᠨ 《ᠨᠠᠭᠠᠲᠤᠮ ᠬᠤᠨᠲᠠᠭᠠᠲᠤ》 ᠲᠠᠭᠤᠤ ᠶᠢᠨ ᠮᠥᠷᠥᠢ᠌ᠴᠡᠭᠡᠨ ᠳ᠋ᠥ ᠲᠡᠷᠢ᠍ᠭᠥᠨ ᠲᠡᠰ᠂ 10 ᠲᠥᠮᠡᠨ ᠵᠤᠭᠤᠰ ᠤᠨ ᠱᠠᠩᠨᠠᠯ ᠢ ᠲᠤᠰᠴᠠᠢ᠃

2014 ᠤᠨ ᠳ᠋ᠥ ᠲᠤᠮᠲᠠᠲᠤ ᠤᠯᠤᠰ ᠪᠤᠯᠤᠨ ᠮᠤᠩᠭ᠋ᠤᠯ ᠤᠯᠤᠰ ᠤᠨ ᠰᠤᠶᠤᠯ ᠤᠨ ᠰᠤᠯᠢ᠍ᠯᠴᠠᠭᠠᠨ ᠤ ᠲᠤᠭᠯᠠᠯᠲᠠ ᠳ᠋ᠥ ᠤᠷᠤᠯᠴᠠᠪᠠ᠃

2014 ᠤᠨ ᠳ᠋ᠥ ᠵᠢᠷᠭᠤᠳ᠋ᠤᠭᠠᠷ ᠬᠤᠭᠤᠴᠠᠭᠠᠨ ᠤ ᠤᠯᠠᠭᠠᠨᠮᠦ᠋ᠴᠢ᠍ᠷ ᠤᠨ ᠰᠦ᠋ᠯᠳ᠋ᠡ ᠳᠠᠭᠤᠤ 《ᠦᠨᠢᠳ᠋ᠡ ᠶᠢᠨ ᠰᠠᠢ᠌ᠬᠠᠨ ᠤᠯᠠᠭᠠᠨᠮᠦ᠋ᠴᠢ᠍ᠷ》 ᠬᠡᠬᠦ ᠳᠠᠭᠤᠤ ᠶᠢ ᠳᠠᠭᠤᠯᠠᠪᠠ᠃

2015 ᠤᠨ ᠳ᠋ᠥ 《ᠲᠠᠯ᠎ᠠ ᠶᠢᠨ ᠲᠡᠷᠳ᠋ᠡᠭᠡ》 ᠭᠡᠬᠥ ᠺᠢᠨᠤ᠋ ᠳ᠋ᠥ ᠭᠤᠤᠯ ᠲᠥᠷᠢ 《ᠲᠠᠨᠽᠠᠩ》 ᠊ᠢ ᠲᠤᠭᠯᠠᠪᠠ᠃

2015 ᠤᠨ ᠳ᠋ᠥ ᠲᠤᠮᠲᠠᠲᠤ ᠤᠯᠤᠰ ᠤᠨ ᠰᠤᠶᠤᠯ ᠤᠨ ᠭᠡᠯᠲᠡᠰ ᠡᠴᠨ ᠠᠹᠠᠷᠢ᠍ᠺᠠ ᠲᠢ᠍ᠪ ᠤᠨ ᠶᠧᠵᠢ᠍ᠫᠲ᠋᠂ ᠡᠷᠢ᠍ᠲ᠋ᠷᠢ᠍ᠶ᠎ᠠ ᠳ᠋ᠥ ᠲᠤᠮᠢ᠍ᠯᠠᠭᠰᠠᠨ ᠥᠪᠥᠷ ᠮᠤᠩᠭ᠋ᠤᠯ ᠤᠨ ᠲᠥᠩᠯᠢ᠍ᠶᠤᠤ ᠬᠤᠲᠠ ᠶᠢᠨ ᠥᠨᠲᠥᠰᠥᠲᠡᠨ ᠤ ᠲᠠᠭᠤᠤ ᠪᠥᠵᠢ᠍ᠭ᠌ ᠤᠨ ᠪᠥᠯᠬᠥᠮ ᠤᠨ ᠨᠥᠭᠥᠷᠰᠡᠭ᠌ ᠬᠤᠯᠪᠤᠭ᠎ᠠ᠂ ᠰᠤᠶᠤᠯ ᠰᠤᠯᠢ᠍ᠯᠴᠠᠭᠠᠨ ᠤ ᠤᠷᠠᠨ ᠰᠠᠢ᠌ᠬᠠᠨ ᠤ ᠲᠤᠭᠯᠠᠯᠲᠠ ᠳ᠋ᠥ ᠤᠷᠤᠯᠴᠠᠪᠠ᠃

2016 ᠤᠨ ᠳ᠋ᠥ ᠤᠯᠠᠨ ᠤᠯᠤᠰ ᠤᠨ ᠲᠤᠮᠲᠠᠲᠤ ᠶᠢᠨ ᠬᠤᠷᠴᠢ᠍ᠨ ᠮᠠᠩᠯᠠᠢ ᠲᠠᠭᠤᠴᠢ᠍ᠨ ᠰᠢ᠍ᠯᠭᠠᠷᠠᠭᠤᠯᠬᠤ ᠲᠠᠭᠤᠤ ᠶᠢᠨ ᠱᠠᠩᠨᠠᠯᠲᠤ ᠤᠷᠤᠯᠲᠤᠭᠠᠨ ᠳ᠋ᠥ ᠬᠤᠶᠠᠲᠤᠭᠠᠷ ᠲᠡᠰ ᠤᠨ ᠱᠠᠩᠨᠠᠯ ᠬᠥᠷᠲᠡᠪᠠ᠃

2017 ᠤᠨ ᠳ᠋ᠥ ᠵᠤᠬᠢᠶᠠᠯ ᠤᠨ ᠲᠠᠭᠤᠤ《ᠮᠤᠩᠭ᠋ᠤᠯ ᠤᠨ ᠰᠠᠢ᠌ᠬᠠᠨ ᠤᠷᠤᠨ》 ᠭᠡᠭᠥ ᠳᠠᠭᠤᠤ ᠶᠢᠨ ᠰᠢ᠍ᠯᠥᠭ᠌᠂ ᠠᠶ᠎ᠠ ᠶᠢ ᠥᠪᠡᠷ ᠶᠢᠡᠨ ᠪᠢᠴᠢ᠍ᠨ ᠲᠠᠭᠤᠯᠠᠵᠤ᠂ ᠲᠦᠩᠯᠢᠶᠤᠤ ᠬᠤᠲᠠ ᠶᠢᠨ ᠵᠠᠰᠠᠭ ᠤᠨ ᠤᠷᠲᠤᠨ ᠤ ᠲᠤᠰᠬᠠᠢ᠌ ᠬᠥᠬᠢᠬᠥᠯᠤᠯ ᠢ ᠬᠦᠷᠲᠡᠪᠡ᠃  

ᠰᠠᠢ᠌ᠰᠢᠶᠠᠯᠲᠤ ᠰᠠᠢ᠌ᠰᠢᠶᠠᠯᠲᠤ ᠰᠠᠢ᠌ᠰᠢᠶᠠᠯᠲᠤ ᠰᠠᠢ᠌ᠰᠢᠶᠠᠯᠲᠤ ᠰᠠᠢ᠌ᠰᠢᠶᠠᠯᠲᠤ ᠰᠠᠢ᠌ᠰᠢᠶᠠᠯᠲᠤ
ᠳᠠᠭᠤᠤ ᠶᠢᠨ ᠪᠢᠴᠢᠯᠭᠡ ᠤᠳ
ᠴᠤᠮᠤᠭ ᠤᠳ
ᠳᠠᠭᠤᠴᠢᠨ ᠤ ᠬᠠᠯᠠᠮᠰᠢᠯ
ᠨᠡᠪᠲᠡᠷᠡᠨ ᠤᠷᠤᠬᠤ