Camerton ᠬᠠᠮᠲᠤᠯᠢᠭ
ᠳᠠᠷᠤᠮ᠄ 2516

ᠺᠠᠮᠧᠷᠲ᠋ᠤᠨ ᠬᠠᠮᠲᠤᠯᠢᠭ ᠪᠤᠯ ᠮᠤᠩᠭᠤᠯ ᠤᠨ ᠬᠦᠪᠡᠭᠦᠳ ᠦᠨ ᠫᠤᠫ ᠬᠠᠮᠲᠤᠯᠢᠭ ᠶᠤᠮ᠃ ᠲᠤᠰ ᠬᠠᠮᠲᠤᠯᠢᠭ 1995 ᠤᠨ ᠤ 6 ᠰᠠᠷ᠎ᠠ ᠶᠢᠨ 24 ᠳ᠋ᠤ ᠬᠦᠭᠵᠢᠮ ᠪᠦᠵᠢᠭ ᠤᠨ ᠺᠤᠯᠯᠧᠵᠢ ᠳᠤ ᠪᠠᠢᠭᠤᠯᠤᠭᠳᠠᠭᠰᠠᠨ ᠲᠡᠦᠬᠡ ᠲᠡᠢ᠃ ᠺᠠᠮᠧᠷᠲ᠋ᠤᠨ ᠨᠢ ᠮᠤᠩᠭᠤᠯ ᠡᠰᠲ᠋ᠷᠠᠳ᠋ ᠬᠦᠭᠵᠢᠮ ᠦᠨ ᠰᠢᠨ᠎ᠡ ᠦᠶ᠎ᠡ ᠶᠢᠨ ᠲᠦᠯᠦᠭᠡᠯᠡᠯ ᠪᠤᠯᠤᠭᠠᠳ ᠪᠦᠬᠦ ᠴᠠᠭ ᠦᠶ᠎ᠡ ᠶᠢᠨ ᠰᠢᠯᠢᠳᠡᠭ ᠬᠠᠮᠲᠤᠯᠢᠭ ᠤᠳ ᠤᠨ ᠨᠢᠭᠡ ᠨᠢ ᠭᠡᠭᠳᠡᠳᠡᠭ᠃ ᠬᠠᠮᠲᠤᠯᠢᠭ ᠤᠨ ᠪᠦᠷᠢᠯᠳᠦᠭᠦᠨ ᠳᠤ ᠭᠠᠨᠠᠭ᠎ᠠ(ᠯᠠᠮᠤᠵᠠᠪ ᠶᠢᠨ ᠭᠠᠩᠡᠷᠳᠡᠨᠢ)᠂ ᠡᠪᠠ(ᠪᠠᠲᠤᠪᠠᠶᠠᠷ ᠤᠨ ᠡᠷᠳᠡᠨᠢᠪᠠᠲᠤ)᠂ ᠳ·ᠪᠤᠯᠤᠳ (ᠬᠠᠮᠲᠤᠯᠢᠭ ᠤᠨ ᠠᠬᠠᠯᠠᠭᠴᠢ)᠂ ᠮᠡᠭᠡᠳᠡᠭᠡ(ᠭᠠᠩᠪᠠᠭᠠᠲᠤᠷ ᠤᠨ ᠮᠡᠨᠳᠦ᠊᠊ᠠ᠋ᠮᠤᠷ) ᠨᠠᠷ ᠪᠠᠭᠲᠠᠨ᠎ᠠ᠃ ᠬᠠᠮᠲᠤᠯᠢᠭ ᠠᠩᠬ᠎ᠠ ᠠᠮᠧᠷᠢᠺᠠ ᠶᠢᠨ boyz Ⅱ Men ᠬᠠᠮᠲᠤᠯᠢᠭ ᠲᠠᠢ ᠲᠦᠰᠲᠡᠢ soul᠂ R&B ᠪᠤᠯᠤᠨ ᠫᠤᠫ ᠬᠦᠭᠵᠢᠮ ᠦᠨ ᠤᠷᠤᠰᠬᠠᠯ ᠶᠢᠠᠷ ᠳᠠᠭᠤᠯᠠᠵᠤ ᠲᠠᠢᠰᠠᠨ᠎ᠠ ᠭᠠᠷᠴᠤ ᠢᠷᠡᠭᠰᠡᠨ ᠪᠦᠭᠡᠳ ᠫᠷᠥᠳ᠋ᠶᠦᠰᠠᠷ ᠶᠢᠡᠷ ᠨᠢ ᠯ·ᠲᠠᠢᠪᠤᠩᠪᠠᠲᠤ ᠤᠷᠢᠭᠳᠠᠨ ᠠᠵᠢᠯᠯᠠᠵᠤ ᠡᠬᠢᠯᠡᠵᠡᠢ᠃ ᠺᠠᠮᠧᠷᠲ᠋ᠤᠨ ᠬᠠᠮᠲᠤᠯᠢᠭ 1996 ᠤᠨ ᠡᠴᠡ 2004 ᠤᠨ ᠤ ᠬᠤᠭᠤᠷᠤᠨᠳᠤ ᠨᠡᠢᠲᠡ 10 ᠴᠤᠮᠤᠭ ᠭᠠᠷᠭᠠᠭᠰᠠᠨ ᠶᠤᠮ᠃

ᠰᠤᠷᠭᠠᠭᠤᠯᠢ ᠳᠤ ᠪᠠᠢᠬᠤ ᠳᠠᠭᠠᠨ ᠪᠤᠯᠤᠳ᠂ ᠮᠡᠨᠳᠦ᠊ᠠ᠋ᠮᠤᠷ ᠨᠠᠷ ᠠᠩᠭᠢ ᠶᠢᠨ ᠶᠢᠠᠨ ᠦᠬᠢᠳ ᠲᠠᠢ ᠲᠤᠰ ᠲᠠᠭᠠᠨ ᠬᠠᠮᠲᠤᠯᠢᠭ ᠲᠠᠢ ᠪᠠᠢᠭᠰᠠᠨ ᠪᠥᠭᠡᠳ ᠳᠠᠩ ᠡᠷᠡᠭᠲᠡᠢ ᠭᠡᠰᠢᠭᠦᠨ ᠡᠴᠡ ᠪᠦᠷᠢᠳᠦᠭᠰᠡᠨ ᠰᠢᠨ᠎ᠡ ᠬᠠᠮᠲᠤᠯᠢᠭ ᠪᠠᠢᠭᠤᠯᠤᠶ᠎ᠠ ᠭᠡᠵᠦ ᠰᠢᠢᠳᠦᠭᠰᠡᠨ ᠶᠢᠡᠷ ᠭᠠᠩᠡᠷᠳᠡᠨᠢ᠂ ᠡᠷᠳᠡᠨᠢᠪᠠᠲᠤ ᠨᠠᠷ ᠢ ᠪᠦᠷᠢᠯᠳᠦᠭᠦᠨ ᠳᠡᠭᠡᠨ ᠡᠯᠰᠡᠭᠦᠯᠵᠦ ᠳᠠᠭᠤᠯᠠᠭᠠᠴᠢᠳ ᠤᠨ ᠳᠦᠷᠪᠡᠯᠡ ᠬᠠᠮᠲᠤᠯᠢᠭ ᠢ ᠪᠠᠢᠭᠤᠯᠤᠭᠰᠠᠨ ᠶᠤᠮ᠃ ᠲᠢᠲᠠᠮ ᠬᠠᠮᠲᠤᠯᠢᠭ ᠤᠨ ᠳᠠᠭᠤᠴᠢᠨ ᠯ·ᠲᠠᠢᠪᠤᠩᠪᠠᠲᠤ ᠨᠢ ᠭᠠᠩᠡᠷᠳᠡᠨᠢ ᠶᠢᠨ ᠲᠦᠷᠦᠭᠰᠡᠨ ᠠᠬ᠎ᠠ ᠪᠠᠢᠭᠰᠠᠨ ᠪᠥᠭᠡᠳ ᠬᠠᠮᠲᠤᠯᠢᠭ ᠤᠨ ᠠᠩᠬᠠᠨ ᠤ ᠮᠧᠨᠧᠵᠧᠷ ᠶᠢᠠᠷ ᠠᠵᠢᠯᠯᠠᠵᠤ ᠡᠬᠢᠯᠡᠭᠰᠡᠨ ᠪᠠ ᠳᠡᠭᠦᠦ ᠶᠢᠨ ᠶᠢᠡᠨ ᠬᠠᠮᠲᠤᠯᠢᠭ ᠢ ᠬᠦᠯ ᠳᠡᠭᠡᠷ᠎ᠡ ᠨᠢ ᠪᠤᠰᠬᠠᠬᠤ ᠳᠤ ᠭᠤᠤᠯ ᠡᠭᠦᠷᠭᠡ ᠭᠦᠢᠴᠡᠳᠭᠡᠭᠰᠡᠨ ᠶᠤᠮ᠃ ᠺᠠᠮᠧᠷᠲ᠋ᠤᠨ ᠬᠠᠮᠲᠤᠯᠢᠭ ᠤᠷᠠᠨ ᠪᠦᠲᠦᠭᠡᠯ ᠦᠨ ᠭᠠᠷᠤᠭ᠎ᠠ ᠪᠠᠨ ᠬᠡᠦᠬᠡᠳ ᠦᠨ 《ᠮᠠᠮᠤ ᠨᠠᠰᠢ ᠢᠷ᠎ᠡ》ᠳᠠᠭᠤᠤ ᠶᠢ ᠬᠦᠭᠵᠢᠮ ᠦᠭᠡᠢ ᠪᠡᠷ ᠦᠩᠭᠡ ᠰᠠᠯᠭᠠᠨ ᠳᠠᠭᠤᠯᠠᠵᠤ ᠸᠢᠳᠢᠤ᠋ ᠺᠯᠢᠫ ᠭᠠᠷᠭᠠᠨ ᠡᠬᠢᠯᠡᠵᠦ ᠪᠠᠢᠪᠠ᠃ ᠮᠦᠨ boyz Ⅱ Men ᠡᠴᠡ ᠰᠠᠨᠠᠭ᠎ᠠ ᠠᠪᠤᠨ Beatles ᠬᠠᠮᠲᠤᠯᠢᠭ ᠤᠨ Yesterday ᠳᠠᠭᠤᠤ ᠶᠢ A-Capella ᠤᠷᠤᠰᠬᠠᠯ ᠶᠢᠠᠷ ᠳᠠᠭᠤᠯᠠᠳᠠᠭ ᠪᠠᠢᠯ᠎ᠠ᠃

ᠲᠡᠳᠡᠨ ᠦ ᠠᠩᠬᠠᠨ ᠤ ᠬᠢᠲ ᠳᠠᠭᠤᠤ 《18ᠨᠠᠰᠤ》 1995 ᠤᠨ ᠤ ᠨᠠᠮᠤᠷ ᠤᠯᠠᠨ ᠤ ᠬᠦᠷᠲᠡᠭᠡᠯ ᠪᠤᠯᠤᠭᠰᠠᠨ ᠪᠥᠭᠡᠳ ᠤᠭ ᠳᠠᠭᠤᠤ ᠶᠢ ᠲᠤᠬᠠᠢ ᠶᠢᠨ ᠦᠶ᠎ᠡ ᠳᠦ ᠺᠠᠮᠧᠷᠲ᠋ᠤᠨ ᠬᠠᠮᠲᠤᠯᠢᠭ ᠤᠨ ᠳᠠᠭᠤᠴᠢᠨ ᠪᠠᠲᠤᠴᠢᠯᠠᠭᠤᠨ ᠳᠠᠢᠪᠤᠩᠪᠠᠲᠤ ᠳᠤ ᠦᠭᠴᠦ ᠺᠠᠮᠧᠷᠲ᠋ᠤᠨ ᠡᠨᠡ ᠳᠠᠭᠤᠤ ᠶᠢ ᠦᠪᠡᠷᠰᠡᠳ ᠦᠨ ᠬᠡᠪ ᠮᠠ‍‌ᠶᠢᠭ ᠶᠢᠠᠷ ᠳᠠᠭᠤᠯᠠᠭᠰᠠᠨ ᠶᠢᠠᠷ ᠳᠠᠢᠪᠤᠩᠪᠠᠲᠤ ᠶᠢᠨ ᠤᠳᠤᠷᠢᠳᠤᠯᠭᠠᠨ ᠳᠡᠬᠢ ᠺᠠᠮᠧᠷᠲ᠋ᠤᠨ ᠠᠩᠬᠠᠨ ᠤ ᠤᠷᠠᠨ ᠪᠦᠲᠦᠭᠡᠯ ᠲᠦᠷᠦᠭᠰᠡᠨ ᠶᠤᠮ᠃ 《18 ᠨᠠᠰᠤ》 ᠳᠠᠭᠤᠤ ᠶᠢᠨ ᠺᠯᠢᠫ ᠢ ᠮᠤᠩᠭᠤᠯ ᠦᠨᠳᠦᠰᠦᠨ ᠦ ᠷᠠᠳᠢᠤ᠋ ᠲᠧᠯᠸᠢᠰ ᠤᠨ studio ᠬᠢᠵᠦ ᠲᠤᠬᠠᠢ ᠶᠢᠨ ᠦᠶ᠎ᠡ ᠳᠦ ᠰᠢᠨᠡᠯᠢᠭ ᠤᠷᠠᠨ ᠪᠦᠲᠦᠭᠡᠯ ᠪᠤᠯᠵᠤ ᠴᠢᠳᠠᠭᠰᠠᠨ ᠪᠠ ᠳᠠᠭᠤᠤ ᠶᠢᠨ ᠺᠯᠢᠫ ᠲᠧᠯᠸᠢᠰ ᠶᠢᠡᠷ ᠰᠠᠴᠤᠭᠳᠠᠬᠤ ᠦᠶ᠎ᠡ ᠳᠦ ᠳᠠᠭᠤᠤ ᠮᠤᠩᠭᠤᠯ ᠤᠨ ᠠᠩᠬᠠᠨ ᠤ FM ᠷᠠᠳᠢᠤ᠋ ᠪᠤᠯᠬᠤ 102.5 ᠳᠤᠯᠬᠢᠶᠠᠨ ᠪᠤᠯᠤᠨ ᠦᠨᠳᠦᠰᠦᠨ ᠦ ᠷᠠᠳᠢᠤ᠋ ᠪᠠᠷ ᠤᠯᠠᠨ ᠨᠡᠢᠲᠡ ᠳᠦ ᠬᠦᠷᠴᠦ ᠠᠯᠢ ᠬᠡᠳᠦᠢᠨ ᠬᠢᠲ ᠪᠤᠯᠤᠭᠰᠠᠨ ᠪᠠᠢᠭᠰᠠᠨ ᠶᠤᠮ᠃ ᠬᠠᠮᠲᠤᠯᠢᠭ ᠲᠡᠷᠡ ᠦᠶ᠎ᠡ ᠳᠦ ᠮᠤᠩᠭᠤᠯ ᠤᠨ ᠷᠤᠺ ᠫᠤᠫ ᠤᠨ ᠶᠢᠷᠲᠢᠨᠴᠦ ᠳᠤ ᠴᠤ᠋ ᠰᠢᠨ᠎ᠡ ᠦᠩᠭᠡ ᠠᠶᠠᠰ ᠠᠪᠴᠢᠷᠠᠵᠤ ᠵᠠᠯᠠᠭᠤᠰ ᠢ ᠪᠠᠢᠯᠳᠤᠨ ᠳᠠᠭᠠᠭᠤᠯᠵᠤ ᠴᠢᠳᠠᠭᠰᠠᠨ ᠶᠢᠠᠷ ᠲᠡᠷᠡ ᠵᠢᠯ ᠳᠡᠭᠡᠨ ᠫᠧᠨᠲ᠋ᠠᠲ᠋ᠤᠨᠢᠺ ᠨᠠᠭᠠᠳᠤᠮ ᠡᠴᠡ 《ᠰᠢᠯᠢᠳᠡᠭ ᠳ᠋ᠧᠪᠶᠤᠲ ᠬᠠᠮᠲᠤᠯᠢᠭ》ᠱᠠᠩᠨᠠᠯ ᠬᠦᠷᠲᠡᠪᠡ᠃

1996 ᠤᠨ ᠳᠤ ᠺᠠᠮᠧᠷᠲ᠋ᠤᠨ ᠬᠠᠮᠲᠤᠯᠢᠭ ᠠᠩᠬᠠᠨ ᠤ ᠴᠤᠮᠤᠭ ᠶᠢᠠᠨ ᠭᠠᠷᠭᠠᠵᠤ ᠲᠤᠭᠯᠠᠯᠲᠠ ᠪᠠᠨ ᠬᠢᠭᠰᠡᠭᠡᠷ ᠮᠤᠩᠭᠤᠯ ᠤᠨ ᠬᠥᠭᠵᠢᠮ ᠦᠨ ᠶᠢᠷᠲᠢᠨᠴᠦ ᠳᠦ ᠪᠠᠢᠷᠢ ᠰᠠᠭᠤᠷᠢ ᠪᠠᠨ ᠤᠯᠤᠭᠰᠠᠨ ᠶᠤᠮ᠃

1999 ᠤᠨ ᠺᠠᠮᠧᠷᠲ᠋ᠤᠨ ᠤ ᠬᠤᠪᠢ ᠳᠤ ᠵᠢᠩᠬᠢᠨᠢ ᠲᠡᠰᠡᠷᠡᠯᠲᠡ ᠶᠢᠨ ᠵᠢᠯ ᠪᠠᠢᠪᠠ᠃ ᠮᠤᠩᠭᠤᠯ ᠬᠥᠭᠵᠢᠮ ᠦᠨ ᠶᠢᠷᠲᠢᠨᠴᠦ ᠳᠦ ᠰᠦᠨᠡᠰᠦ᠂ ᠨᠤᠮᠢᠨ ᠲᠠᠯᠠᠰᠲᠤ᠂ Guys 666᠂ ᠨᠢ᠋ᠮᠠᠳᠠᠬᠢ ᠭᠠᠷᠢᠭ ᠵᠡᠷᠭᠡ ᠤᠯᠠᠨ ᠰᠢᠨ᠎ᠡ ᠬᠠᠮᠲᠤᠯᠢᠭ ᠤᠳ ᠬᠦᠴᠦ ᠲᠦᠷᠦᠨ ᠭᠠᠷᠴᠤ ᠢᠷᠡᠭᠰᠡᠨ ᠪᠠ ᠺᠠᠮᠧᠷᠲ᠋ᠤᠨ ᠰᠢᠨ᠎ᠡ ᠤᠷᠠᠨ ᠪᠦᠲᠦᠭᠡᠯ ᠬᠢᠵᠦ ᠦᠪᠡᠷ ᠦᠨ ᠰᠲ᠋ᠠᠲ᠋ᠤᠰ ᠶᠢᠠᠨ ᠬᠠᠳᠠᠭᠠᠯᠠᠬᠤ ᠲᠤᠮᠤᠬᠠᠨ ᠰᠤᠷᠢᠯᠲᠠ ᠲᠠᠢ ᠲᠤᠯᠭᠠᠷᠠᠪᠠ᠃ ᠬᠥᠭᠵᠢᠮ ᠦᠨ ᠵᠤᠬᠢᠶᠠᠯᠴᠢ ᠯ·ᠪᠠᠯᠾᠠᠵᠠᠪ ᠦᠪᠡᠷ ᠦᠨ ᠵᠤᠬᠢᠶᠠᠭᠰᠠᠨ 《ᠠᠮᠢᠨ ᠨᠤᠲᠤᠭ》ᠳᠠᠭᠤᠤ ᠪᠠᠨ ᠰᠠᠨᠠᠯ ᠪᠤᠯᠭᠠᠵᠤ ᠺᠠᠮᠧᠷᠲ᠋ᠤᠨ ᠳᠠᠭᠤᠯᠠᠭᠰᠠᠨ ᠶᠢᠠᠷ ᠲᠡᠳᠡᠨ ᠦ ᠳᠠᠷᠠᠭ᠎ᠠ ᠶᠢᠨ ᠲᠤᠮᠤᠬᠠᠨ ᠬᠢᠲ ᠳᠠᠭᠤᠤ ᠲᠦᠷᠦᠪᠡ᠃

2000 ᠤᠨ ᠺᠠᠮᠧᠷᠲ᠋ᠤᠨ ᠬᠠᠮᠲᠤᠯᠢᠭ ᠤᠨ ᠳᠠᠷᠠᠭ᠎ᠠ ᠶᠢᠨ ᠨᠦᠷ ᠶᠡᠬᠡ ᠤᠷᠠᠨ ᠪᠦᠲᠦᠭᠡᠯ ᠦᠨ ᠵᠢᠯ ᠪᠠᠢᠪᠠ᠃ ᠬᠠᠮᠲᠤᠯᠢᠭ ᠰᠢᠨ᠎ᠡ ᠳᠠᠭᠤᠤ ᠨᠤᠭᠤᠳ ᠵᠤᠬᠢᠶᠠᠵᠤ ᠳᠠᠷᠠᠭ᠎ᠠ ᠶᠢᠨ ᠴᠤᠮᠤᠭ ᠢ ᠪᠢᠴᠢᠭᠦᠯᠬᠦ ᠠᠵᠢᠯ ᠳᠠᠭᠠᠨ ᠤᠷᠤᠪᠠ᠃ ᠢᠩᠭᠢᠭᠡᠳ ᠮᠤᠩᠭᠤᠯ ᠤᠨ ᠬᠠᠭᠤᠴᠢᠨ ᠳᠠᠭᠤᠤ ᠨᠤᠭᠤᠳ ᠢ ᠰᠢᠨᠡᠴᠢᠯᠡᠨ ᠳᠠᠭᠤᠯᠠᠭᠰᠠᠨ Retro II Remix ᠪᠤᠯᠤᠨ ᠦᠪᠡᠷᠰᠡᠳ ᠦᠨ ᠪᠢᠴᠢᠭᠰᠡᠨ ᠴᠤ᠋ ᠰᠢᠨ᠎ᠡ ᠳᠠᠭᠤᠤ ᠨᠤᠭᠤᠳ ᠡᠴᠡ ᠪᠦᠷᠢᠳᠦᠭᠰᠡᠨ June 24 ᠴᠤᠮᠤᠭ ᠤᠳ ᠢ ᠰᠢᠩᠭᠠᠪᠤᠷ ᠤᠯᠤᠰ ᠲᠤ ᠪᠢᠴᠢᠭᠦᠯᠵᠦ ᠭᠠᠷᠭᠠᠭᠰᠠᠨ ᠶᠤᠮ᠃

2001 ᠤᠨ ᠤ ᠰᠡᠭᠦᠯᠡᠷ ᠺᠠᠮᠧᠷᠲ᠋ᠤᠨ ᠳᠠᠷᠠᠭ᠎ᠠ ᠶᠢᠨ ᠴᠤ᠋ ᠰᠢᠨᠡᠯᠢᠭ ᠴᠤᠮᠤᠭ ᠶᠢᠠᠨ ᠭᠠᠷᠭᠠᠭᠰᠠᠨ ᠨᠢ 《ᠲᠡᠭᠦᠰᠦᠰᠢ ᠦᠭᠡᠢ》ᠴᠤᠮᠤᠭ ᠪᠠᠢᠪᠠ᠃

2002 ᠤᠨ ᠳᠤ ᠬᠠᠮᠲᠤᠯᠢᠭ ᠤᠨ ᠭᠡᠰᠢᠭᠦᠳ ᠭᠡᠷ ᠪᠦᠯᠢ ᠲᠡᠢ ᠪᠤᠯᠵᠠᠭᠠᠭᠰᠠᠨ ᠪᠠ ᠡᠪᠠ᠂ ᠪᠤᠯᠤᠳ 2 ᠬᠠᠮᠤᠭ ᠤᠨ ᠠᠩᠬ᠎ᠠ ᠡᠷᠦᠬᠡ ᠲᠤᠯᠤᠭᠠᠢᠯᠠᠵᠤ ᠡᠭᠡᠴᠢ ᠳᠡᠭᠦᠦ ᠤᠷᠠᠨ ᠨᠤᠭᠤᠷᠠᠭᠠᠴᠢ ᠪᠦᠰᠡᠭᠦᠢᠴᠦᠳ ᠪᠤᠯᠬᠤ ᠪᠢᠮᠪᠠᠰᠦ᠋ᠷᠦᠩ᠂ ᠪᠢᠮᠪᠠᠵᠠᠪ ᠨᠠᠷ ᠲᠠᠢ ᠭᠡᠷ ᠪᠦᠯᠢ ᠪᠤᠯᠵᠠᠭᠠᠵᠤ᠂ ᠬᠠᠷᠢᠨ ᠭᠠᠨᠠᠭ᠎ᠠ ᠨᠢ ᠬᠠᠯᠢᠭᠤᠨ ᠬᠡᠮᠡᠬᠦ ᠪᠦᠰᠡᠭᠦᠢ ᠲᠡᠢ ᠠᠭᠤᠯᠵᠠᠵᠤ᠂ ᠮᠡᠭᠡᠳᠡᠭᠡ ᠶᠢᠰᠦᠢ ᠬᠡᠮᠡᠬᠦ ᠪᠦᠰᠡᠭᠦᠢ ᠲᠡᠢ ᠭᠡᠷ ᠪᠦᠯᠢ ᠪᠤᠯᠤᠭᠰᠠᠨ ᠶᠤᠮ᠃ ᠡᠨᠡ ᠦᠶ᠎ᠡ ᠳᠦ ᠬᠠᠮᠲᠤᠯᠢᠭ ᠤᠨ ᠤᠷᠠᠨ ᠪᠦᠲᠦᠭᠡᠯ ᠨᠢᠭᠡ ᠬᠡᠰᠡᠭ ᠲᠡᠭᠡᠨ ᠵᠠᠪᠰᠠᠷᠳᠠᠭᠰᠠᠨ ᠪᠥᠭᠡᠳ ᠲᠡᠳᠡ ᠬᠤᠪᠢ ᠶᠢᠨ ᠠᠮᠢᠳᠤᠷᠠᠯ ᠳᠠᠭᠠᠨ ᠠᠩᠬᠠᠷᠴᠤ ᠪᠠᠢᠯ᠎ᠠ᠃

2003 ᠤᠨ ᠤ ᠡᠬᠢ ᠪᠡᠷ ᠺᠠᠮᠧᠷᠲ᠋ᠤᠨ ᠰᠢᠨ᠎ᠡ ᠤᠷᠠᠨ ᠪᠦᠲᠦᠭᠡᠯ ᠪᠤᠯᠬᠤ 《ᠴᠢᠺᠠ ᠡᠳᠦᠷ》ᠸᠢᠳᠢᠤ᠋ ᠺᠯᠢᠫ ᠭᠠᠷᠭᠠᠪᠠ᠃ ᠮᠦᠨ 《ᠬᠦᠯᠢᠶᠡᠯ᠎ᠡ》ᠳᠠᠭᠤᠤ ᠶᠢᠨ ᠺᠯᠢᠫ ᠭᠠᠷᠴᠤ ᠤᠳᠠᠯ ᠦᠭᠡᠢ ᠬᠠᠮᠲᠤᠯᠢᠭ ᠰᠢᠨ᠎ᠡ ᠴᠤᠮᠤᠭ ᠭᠠᠷᠭᠠᠨ᠎ᠠ ᠭᠡᠳᠡᠭ ᠶᠢᠡᠨ ᠵᠠᠷᠯᠠᠵᠤ᠂ ᠵᠤᠨ 《ᠦᠨᠦᠳᠦᠷ》ᠴᠤᠮᠤᠭ ᠭᠠᠷᠪᠠ᠃

2005 ᠤᠨ ᠬᠠᠮᠲᠤᠯᠢᠭ ᠤᠨ ᠭᠡᠰᠢᠭᠦᠳ ᠲᠦᠷ ᠬᠤᠭᠤᠴᠠᠭᠠᠨ ᠤ ᠵᠠᠪᠰᠠᠷᠯᠠᠭ᠎ᠠ ᠠᠪᠴᠤ ᠪᠠᠢᠭ᠎ᠠ ᠪᠠᠨ ᠵᠠᠷᠯᠠᠵᠤ ᠲᠤᠰ ᠲᠤᠰ ᠤᠨ ᠤᠷᠠᠨ ᠪᠦᠲᠦᠭᠡᠯ ᠶᠢᠡᠨ ᠬᠢᠵᠦ ᠡᠬᠢᠯᠡᠵᠡᠭᠡᠪᠡ᠃

2010 ᠤᠨ ᠳᠤ ᠬᠠᠮᠲᠤᠯᠢᠭ 15 ᠵᠢᠯ ᠤᠨ ᠤᠢ ᠶᠢᠨ ᠲᠤᠭᠯᠠᠯᠲᠠ᠂ 2015 ᠤᠨ ᠳᠤ 20 ᠵᠢᠯ ᠤᠨ ᠤᠢ ᠶᠢᠨ ᠲᠤᠭᠯᠠᠯᠲᠠ ᠤᠳ ᠲᠤᠰ ᠲᠤᠰ ᠪᠤᠯᠪᠠ᠃  

Camerton ᠬᠠᠮᠲᠤᠯᠢᠭ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁