ᠰᠦᠨᠡᠰᠦ ᠬᠠᠮᠲᠤᠯᠢᠭ
ᠳᠠᠷᠤᠮ᠄ 3156

ᠡᠷᠳᠡᠨᠢᠲᠦ ᠬᠤᠲᠠ ᠳᠤ ᠬᠦᠭᠵᠢᠮ ᠪᠦᠵᠢᠭ ᠦᠨ ᠺᠤᠯᠯᠧᠵ ᠶᠢᠨ ᠰᠠᠯᠪᠤᠷᠢ ᠪᠤᠶᠤ ᠬᠦᠭᠵᠢᠮ ᠦᠨ ᠠᠩᠭᠢ ᠨᠡᠭᠡᠭᠡᠭᠳᠡᠭᠰᠡᠨ ᠶᠢᠡᠷ ᠪ᠊·ᡀᠠᠭᠪᠠᠰᠦ᠋ᠷᠦᠩ᠂ ᠴ·ᠤᠳᠬᠤᠨᠪᠠᠶᠠᠷ ᠨᠠᠷ ᠲᠠᠨᠢᠯᠴᠠᠵᠠᠢ᠃ ᠲᠡᠳᠡ ᠳᠦᠷᠪᠡᠳᠦᠭᠡᠷ ᠠᠩᠭᠢ ᠶᠢᠨ ᠰᠤᠷᠤᠭᠴᠢ ᠪᠠᠢᠪᠠ᠃ ᠭᠡᠷ ᠤᠢᠷᠠᠬᠠᠨ᠂ ᠰᠤᠨᠢᠷᠬᠠᠯ ᠢᠵᠢᠯ ᠪᠤᠯᠬᠤᠷ ᠲᠤᠩ ᠤᠳᠠᠯ ᠦᠭᠡᠢ ᠳᠤᠲᠤᠨᠤ ᠶᠢᠨ ᠨᠠᠢᠵᠠ ᠤᠳ ᠪᠤᠯᠵᠠᠢ᠃ ᠲᠡᠳᠡ ᠳᠤᠯᠤᠳᠤᠭᠠᠷ ᠠᠩᠭᠢ ᠳᠠᠭᠠᠨ ᠪᠤᠶᠤ 1991 ᠤᠨ ᠳᠤ ᠡᠷᠡᠭᠲᠡᠢ᠂ ᠡᠮᠡᠭᠲᠡᠢ ᠲᠤᠰ ᠪᠦᠷᠢ ᠳᠦᠷᠪᠡᠨ ᠭᠡᠰᠢᠭᠦᠨ ᠲᠡᠢ᠂ ᠪᠦᠵᠢᠭ ᠦᠨ 《ᠰᠦᠨᠡᠰᠦ》 ᠬᠠᠮᠲᠤᠯᠢᠭ ᠪᠠᠢᠭᠤᠯᠵᠠᠢ᠃ ᠲᠡᠷᠡ ᠦᠶ᠎ᠡ ᠳᠦ ᠵ·ᠵᠠᠮᠢᠯᠠᠩ 《ᠮᠦᠩᠭᠦᠨ ᠵᠢᠭᠦᠷ》 ᠬᠠᠮᠲᠤᠯᠢᠭ ᠲᠤ ᠪᠦᠵᠢᠭᠯᠡᠳᠡᠭ ᠪᠠᠢᠪᠠ᠃ ᠪ᠊·ᠡᠷᠳᠡᠨᠢᠵᠤᠯᠠ ᠴᠤ 《ᠮᠠᠲ᠋ᠷᠶᠤᠱᠺᠠ》 ᠪᠦᠵᠢᠭ ᠦᠨ ᠬᠠᠮᠲᠤᠯᠢᠭ ᠤᠨ ᠭᠡᠰᠢᠭᠦᠨ ᠪᠠᠢᠭᠰᠠᠨ᠃ ᠡᠷᠳᠡᠨᠢᠲᠦ ᠬᠤᠲᠠ ᠳᠤ ᠵᠤᠬᠢᠶᠠᠭᠰᠠᠨ ᠪᠦᠵᠢᠭ ᠦᠨ ᠪᠦᠬᠦᠢᠯᠡ ᠲᠡᠮᠡᠴᠡᠭᠡᠨ ᠦ ᠲᠡᠷᠢᠭᠦᠨ ᠪᠠᠢᠷᠢ ᠶᠢ ᠲᠡᠷᠡ ᠭᠤᠷᠪᠠᠨ ᠬᠠᠮᠲᠤᠯᠢᠭ ᠪᠤᠯᠢᠶᠠᠯᠴᠠᠯᠳᠠᠳᠠᠭ᠂ ᠥᠷᠢᠰᠥᠯᠳᠥᠭᠴᠢᠳ ᠪᠠᠢᠭᠰᠠᠨ ᠠᠵᠢ᠃

《ᠰᠦᠨᠡᠰᠦ》 ᠪᠦᠵᠢᠭ ᠦᠨ ᠬᠠᠮᠲᠤᠯᠢᠭ ᠤᠨ ᠭᠡᠰᠢᠭᠦᠳ ᠥᠪᠡᠷᠰᠡᠳ ᠦᠨ ᠵᠠᠮ ᠶᠢᠠᠨ ᠬᠦᠭᠡᠵᠡᠭᠡᠨ ᠲᠠᠷᠬᠠᠭᠰᠠᠨ ᠶᠢᠠᠷ ᠰᠢᠨ᠎ᠡ ᠪᠦᠷᠢᠯᠳᠦᠭᠦᠨ ᠭᠠᠷᠴᠤ ᠢᠷᠡᠭᠰᠡᠨ ᠭᠡᠨ᠎ᠡ᠃ ᠭᠤᠷᠪᠠᠨ ᠥᠭᠡᠷ᠎ᠡ ᠪᠦᠵᠢᠭ ᠦᠨ ᠬᠠᠮᠲᠤᠯᠢᠭ ᠤᠨ ᠭᠡᠰᠢᠭᠦᠳ ᠨᠢᠭᠡ ᠨᠡᠷ᠎ᠡ ᠶᠢᠨ ᠳᠤᠤᠷ᠎ᠠ ᠨᠢᠭᠡᠳᠴᠦ᠂ ᠤᠳᠤ ᠶᠢᠨ 《ᠰᠦᠨᠡᠰᠦ》 ᠬᠠᠮᠲᠤᠯᠢᠭ ᠤᠨ ᠡᠬᠢᠯᠡᠯ ᠲᠠᠯᠪᠢᠭᠳᠠᠭᠰᠠᠨ ᠲᠡᠦᠬᠡ ᠲᠡᠢ᠃ ᠪᠦᠵᠢᠭ ᠦᠨ ᠬᠠᠮᠲᠤᠯᠢᠭ ᠤᠨ ᠲᠡᠦᠬᠡ 1994 ᠤᠨ ᠬᠦᠷᠲᠡᠯ᠎ᠡ ᠦᠷᠭᠦᠯᠵᠢᠯᠡᠵᠡᠢ᠃

ᠬᠠᠮᠲᠤᠯᠢᠭ ᠲᠤ ᠪᠠᠨ ᠨᠡᠷ᠎ᠡ ᠦᠭᠬᠦ ᠪᠡᠷ ᠮᠠᠰᠢ ᠤᠳᠠᠭᠠᠨ ᠶᠠᠷᠢᠯᠴᠠᠭᠰᠠᠨ ᠭᠡᠳᠡᠭ᠃ ᠳᠤᠯᠤᠳᠤᠭᠠᠷ ᠠᠩᠭᠢ ᠶᠢᠨ ᠰᠤᠷᠤᠭᠴᠢᠳ ᠲᠤ ᠠᠯᠢ ᠪᠤᠯᠬᠤ ᠥᠪᠡᠷᠮᠢᠴᠡ ᠨᠡᠷ᠎ᠡ ᠬᠡᠷᠡᠭᠲᠡᠢ ᠪᠠᠢᠭᠰᠠᠨ ᠭᠡᠨ᠎ᠡ᠃ ᠶᠠᠩᠵᠤ ᠪᠦᠷᠢ ᠶᠢᠨ ᠨᠡᠷ᠎ᠡ ᠰᠤᠭᠤᠯᠵᠤ᠂ ᠱᠤᠳᠤᠵᠤ ᠦᠵᠡᠭᠰᠡᠨ ᠡᠴᠡ ᠪᠦᠭᠦᠳᠡ ᠳᠦ ᠲᠠᠭᠠᠯᠠᠭᠳᠠᠭᠰᠠᠨ ᠭᠠᠭᠴᠠ ᠨᠡᠷ᠎ᠡ ᠨᠢ 《ᠰᠦᠨᠡᠰᠦ》 ᠪᠠᠢᠵᠠᠢ᠃ 《ᠬᠦᠮᠦᠨ ᠪᠦᠷ ᠰᠦᠨᠡᠰᠦ ᠲᠡᠢ᠂ ᠬᠦᠮᠦᠨ ᠦᠭᠦᠭᠰᠡᠨ ᠴᠤ ᠰᠦᠨᠡᠰᠦ ᠨᠢ ᠦᠯᠡᠳᠡᠳᠡᠭ ᠰᠢᠦ ᠳ᠋ᠡ᠃ ᠡᠨᠡ ᠤᠳᠬ᠎ᠠ ᠪᠠᠷ ᠡᠭᠦᠷᠢᠳᠡ ᠮᠥᠩᠬᠡ ᠭᠡᠰᠡᠨ ᠴᠤ ᠤᠳᠬ᠎ᠠ ᠲᠠᠢ》 ᠭᠡᠵᠡᠢ᠃

1995 ᠤᠨ ᠳᠤ 《ᠴᠢ ᠬᠠᠭᠤᠷᠠᠮᠴᠢ》᠂ 1997 ᠤᠨ ᠳᠤ 《ᠰᠡᠳᠬᠢᠯ ᠳᠦ ᠲᠤᠳᠤᠬᠠᠨ ᠬᠠᠷᠠᠴᠠ》 ᠲᠤᠭᠯᠠᠯᠲᠠ ᠪᠠᠨ ᠬᠢᠭᠰᠡᠨ ᠦ ᠳᠠᠷᠠᠭ᠎ᠠ 1998 ᠤᠨ ᠳᠤ 《ᠰᠦᠨᠡᠰᠦ》 ᠬᠠᠮᠲᠤᠯᠢᠭ ᠰᠡᠭᠦᠯ ᠦᠨ ᠤᠳᠠᠭ᠎ᠠ ᠪᠦᠷᠢᠨ ᠪᠦᠷᠢᠯᠳᠡᠭᠦᠨ ᠶᠢᠡᠷ ᠲᠠᠢᠰᠠᠨ ᠳᠡᠭᠡᠷ᠎ᠡ ᠭᠠᠷᠴᠠᠢ᠃ 1999 ᠤᠨ ᠳᠤ ᠴ·ᠤᠳᠬᠤᠨᠪᠠᠶᠠᠷ ᠺᠤᠷᠢᠶᠠ ᠳᠤ᠂ ᠵ·ᠵᠠᠮᠢᠯᠠᠩ ᠠᠦ᠋ᠰᠲ᠋ᠷᠢᠶ᠎ᠠ ᠳᠤ᠂ 2000 ᠤᠨ ᠳᠤ ᠪ᠊·ᠡᠷᠳᠡᠨᠢᠵᠤᠯᠠ ᠰᠧᠷᠪᠢᠶ᠎ᠠ ᠤᠷᠤᠭᠤ ᠰᠤᠷᠤᠯᠴᠠᠬᠤ ᠪᠡᠷ ᠶᠠᠪᠤᠭᠰᠠᠨ ᠠᠵᠢ᠃ ᠲᠡᠷᠡ ᠦᠶ᠎ᠡ ᠡᠴᠡ ᠬᠠᠮᠲᠤᠯᠢᠭ ᠤᠨ ᠭᠡᠰᠢᠭᠦᠳ ᠰᠤᠯᠢᠭᠳᠠᠨ᠂ ᠰᠢᠨᠡᠴᠢᠯᠡᠭᠳᠡᠵᠦ ᠡᠬᠢᠯᠡᠭᠰᠡᠨ᠃

ᠱ·ᠮᠥᠩᠬᠡᠴᠤᠭ᠂ ᠲ·ᠢᠳᠡᠷ᠂ ᠡᠩᠬᠡᠪᠤᠯᠤᠳ᠂ ᠵᠢᠷᠭᠠᠯ ᠨᠠᠷ ᠤᠨ ᠠᠪᠢᠶᠠᠰᠤᠯᠢᠭ ᠵᠠᠯᠠᠭᠤᠰ ᠲᠤᠰ ᠬᠠᠮᠲᠤᠯᠢᠭ ᠤᠨ ᠤᠷᠠᠨ ᠪᠦᠲᠦᠭᠡᠯ ᠢ ᠦᠷᠭᠦᠯᠵᠢᠯᠡᠭᠦᠯᠵᠦ ᠶᠠᠪᠤᠭᠰᠠᠨ᠃ ᠬᠠᠮᠲᠤᠯᠢᠭ ᠤᠨ ᠭᠡᠰᠢᠭᠦᠳ ᠰᠤᠯᠢᠭᠳᠠᠭᠰᠠᠨ ᠶᠢᠠᠷ ᠪ᠊·ᡀᠠᠭᠪᠠᠰᠦ᠋ᠷᠦᠩ᠂ ᠱ·ᠮᠥᠩᠬᠡᠴᠤᠭ ᠨᠠᠷ ᠲᠤᠨᠤᠵᠤ 2005 ᠤᠨ ᠳᠤ 《ᡀᠠᠭᠪᠠ & ᠮᠥᠭᠢ》ᠴᠤᠮᠤᠭ ᠭᠠᠷᠭᠠᠭᠰᠠᠨ᠃ 2011 ᠤᠨ ᠳᠤ ᠬᠠᠮᠲᠤᠯᠢᠭ ᠤᠨ ᠶᠢᠠᠨ 20 ᠵᠢᠯ ᠦᠨ ᠤᠢ ᠶᠢᠨ ᠲᠤᠭᠯᠠᠯᠲᠠ ᠪᠠᠨ ᠵᠤᠬᠢᠶᠠᠨ ᠪᠠᠢᠭᠤᠯᠵᠤ᠂ ᠳᠠᠬᠢᠨ ᠬᠠᠮᠲᠤ ᠳᠠᠭᠠᠨ ᠲᠠᠢᠰᠠᠨ ᠳᠡᠭᠡᠷ᠎ᠡ ᠭᠠᠷᠴᠠᠢ᠃

ᠬᠠᠮᠤᠭ ᠤᠨ ᠰᠡᠭᠦᠯ ᠳᠦ ᠲᠠᠪᠤᠨ ᠰᠢᠯᠢᠳᠡᠭ ᠬᠠᠮᠲᠤᠯᠢᠭ ᠤᠨ ᠨᠢᠭᠡᠳᠦᠭᠰᠡᠨ 《ᠮᠠᠷᠲᠠᠭᠳᠠᠰᠢ ᠦᠭᠡᠢ》 ᠲᠤᠭᠯᠠᠯᠲᠠ ᠳᠤ ᠠᠩᠬᠠᠨ ᠤ ᠪᠦᠷᠢᠯᠳᠦᠭᠦᠨ ᠶᠢᠡᠷ ᠶᠢᠡᠨ ᠤᠷᠤᠯᠴᠠᠭᠰᠠᠨ ᠨᠢ ᠦᠵᠡᠭᠴᠢᠳ ᠲᠦ ᠭᠡᠨᠡᠳᠳᠡ ᠶᠢᠨ ᠪᠡᠯᠡᠭ ᠪᠤᠯᠤᠭᠰᠠᠨ ᠶᠤᠮ᠃ 《16 ᠵᠢᠯ ᠤᠨ ᠳᠠᠷᠠᠭ᠎ᠠ ᠨᠠᠢᠵᠠ ᠤᠳ ᠲᠠᠢ ᠪᠠᠨ ᠲᠠᠢᠰᠠᠨ ᠳᠡᠭᠡᠷ᠎ᠡ ᠭᠠᠷᠴᠤ᠂ ᠳᠠᠭᠤᠯᠠᠬᠤ ᠳᠤ ᠦᠨᠡᠬᠡᠷ ᠰᠠᠢᠬᠠᠨ ᠪᠠᠢᠯ᠎ᠠ》 ᠭᠡᠵᠦ ᠴ·ᠤᠳᠬᠤᠨᠪᠠᠶᠠᠷ ᠰᠡᠳᠬᠢᠭᠳᠡᠯ ᠶᠢᠡᠨ ᠬᠤᠪᠢᠶᠠᠯᠴᠠᠭᠰᠠᠨ᠃

ᠤᠳᠤ ᠬᠠᠮᠲᠤᠯᠢᠭ ᠤᠨ ᠭᠡᠰᠢᠭᠦᠳ ᠥᠭᠡᠷ᠎ᠡ ᠥᠭᠡᠷ᠎ᠡ ᠪᠠᠢᠷᠢ ᠳᠤ ᠠᠵᠢᠯ ᠲᠠᠢ ᠠᠵᠢᠯᠯᠠᠵᠤ ᠪᠠᠢᠭ᠎ᠠ᠃ ᠲᠤᠬᠠᠢᠯᠠᠪᠠᠯ᠂ ᠪ᠊᠊·ᡀᠠᠭᠪᠠᠰᠦ᠋ᠷᠦᠩ 《ᠮᠤᠩᠭᠤᠯ ᠤᠨ ᠳᠠᠭᠤᠤ ᠪᠢᠴᠢᠯᠭᠡ ᠪᠦᠲᠦᠭᠡᠭᠴᠢᠳ ᠤᠨ ᠦᠨᠳᠦᠰᠦᠨ ᠦ ᠲᠦᠪ》᠊ᠤᠨ ᠲᠡᠷᠢᠭᠦᠨ ᠶᠢᠡᠷ᠂ ᠵ·ᠵᠠᠮᠢᠯᠠᠩ ᠪᠠᠷᠢᠯᠭ᠎ᠠ ᠶᠢᠨ ᠺᠤᠮᠫᠠᠨᠢ ᠳᠤ᠂ ᠴ·ᠤᠳᠬᠤᠨᠪᠠᠶᠠᠷ ᠬᠤᠪᠢ ᠶᠢᠨ ᠪᠢᠽᠢᠨᠧᠰ ᠡᠷᠬᠢᠯᠡᠵᠦ᠂ ᠪ᠊·ᠡᠷᠳᠡᠨᠢᠵᠤᠯᠠ ᠲᠦᠷᠦ ᠶᠢᠨ ᠠᠯᠪᠠᠨ ᠳᠤ ᠵᠢᠳᠭᠦᠵᠦ ᠶᠠᠪᠤᠨ᠎ᠠ᠃  

ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁