ᠲᠩᠷᠢ ᠡᠵᠢ ᠮᠢᠨᠢ ᠦᠷᠦᠰᠢᠶᠡ

ᠳᠠᠭᠤᠴᠢᠨ᠄ ᠪᠦᠬᠦ ᠤᠳᠤᠳ
ᠦᠭᠡ᠄ ᠱ·ᠴᠢᠮᠡᠳᠼᠡᠶᠧ
ᠠᠶ᠎ᠠ᠄ ᠱ·ᠪᠠᠲᠤᠰᠠᠢᠬᠠᠨ
ᠴᠤᠮᠤᠭ ᠤᠨ ᠬᠠᠷᠢᠶ᠎ᠠ᠄ ᠣᠳᠣᠳ ᠤᠨ ᠬᠠᠮᠳᠤᠷᠠᠯᠴᠠᠭ᠎ᠠ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 14534
ᠴᠠᠭ᠄ 2019 ᠤᠨ ᠤ 05 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠠᠦ᠋ᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

ᠱ·ᠴᠢᠮᠡᠳᠼᠡᠶᠧ ᠂ Увертюра ᠬᠠᠮᠲᠤᠯᠢᠭ ᠬᠠᠮᠲᠤᠷᠠᠨ ᠳᠠᠭᠤᠯᠠᠪᠠ

(ᠮᠤᠩᠭᠤᠯ ᠤᠨ ᠤᠷᠠᠨ ᠰᠠᠢᠬᠠᠨ ᠤ ᠺᠢᠨᠤ 《ᠰᠤᠯᠢᠶᠠᠲᠤ ᠡᠬᠡ》 ᠵᠢᠨ ᠳᠠᠭᠤᠤ)

 

ᠲᠡᠭᠡᠭᠡᠵᠦ ᠲᠦᠷᠦᠭᠦᠯᠦᠭᠰᠡᠨ ᠠᠴᠢ ᠶᠢ ᠨᠢ ᠡ

ᠲᠡᠳᠭᠦᠵᠦ ᠬᠠᠷᠢᠭᠤᠯᠬᠤ ᠵᠠᠪ ᠦᠭᠡᠢ ᠶᠠᠪᠤᠭ᠎ᠠ

ᠲᠡᠨᠡᠭᠬᠡᠨ ᠬᠦᠦ ᠨᠠᠮᠢ᠋ᠢ ᠪᠠᠨ

ᠲᠩᠷᠢ ᠡᠵᠢ ᠮᠢᠨᠢ ᠥᠷᠥᠰᠢᠶᠡ ᠥᠷᠥᠰᠢᠶᠡ

ᠳᠠᠭᠤᠯᠢᠮ᠎ᠠ ᠳᠤ ᠭᠠᠭᠴᠠᠬᠠᠨ ᠡᠵᠢ ᠮᠢᠨᠢ

ᠳᠠᠭᠤᠴᠢᠨ ᠬᠦᠦ ᠪᠡᠨ ᠥᠷᠥᠰᠢᠶᠡ

ᠲᠩᠷᠢ ᠡᠵᠢ ᠮᠢᠨᠢ ᠥᠷᠥᠰᠢᠶᠡᠭᠡᠷᠡᠢ

 

ᠴᠢᠷᠠᠢ ᠲᠠᠨᠢ ᠨᠢᠳᠦᠨ ᠳᠦ ᠦᠵᠡᠭᠳᠡᠭᠡᠳ

ᠰᠠᠨᠠᠭ᠎ᠠ ᠲᠠᠨᠢ ᠪᠡᠶ᠎ᠡ ᠪᠡᠷ ᠯᠤᠭᠰᠢᠭᠠᠳ ᠪᠠᠢᠨ᠎ᠠ ᠡ

ᠡᠮᠡᠭᠡᠨ ᠪᠤᠯᠤᠭᠰᠠᠨ ᠡᠵᠢ ᠲᠠᠨ ᠢ ᠪᠠᠨ

ᠡ ᠳ᠋ᠡ ᠮᠦᠨ ᠴᠤ ᠶᠡᠬᠡ ᠰᠠᠨᠠᠬᠤ ᠯᠠ ᠶᠤᠮ ᠳ᠋ᠡ

ᠠᠯᠠᠭ ᠨᠢᠳᠦᠨ ᠦ ᠮᠢᠨᠢ ᠨᠢᠯᠪᠤᠰᠤ

ᠠᠶᠠᠭ᠎ᠠ ᠪᠠᠷ ᠳᠦᠭᠦᠷᠡᠭᠡᠳ ᠪᠦᠮᠪᠦᠷᠢᠯ᠎ᠡ

ᠠᠢ ᠳ᠋ᠠ ᠮᠦᠨ ᠴᠤ ᠶᠡᠬᠡ ᠰᠠᠨᠠᠬᠤ ᠯᠠ ᠶᠤᠮ ᠳ᠋ᠡ

 

ᠰᠢᠭᠦᠳᠡᠷᠢ ᠶᠢᠨ ᠮᠥᠩᠭᠥᠨ ᠳᠤᠰᠤᠯ ᠤᠨ ᠤᠷᠤᠨ ᠳᠤ

ᠰᠤᠪᠤᠳ ᠤᠨ ᠮᠢᠩᠭᠠᠨ ᠳᠠᠭᠤᠤ ᠬᠡᠯᠬᠢᠭᠡᠳ

ᠠᠭᠠᠭ ᠲᠠᠢ ᠰᠢᠷᠭᠠᠯ ᠴᠠᠢ ᠶᠢᠨ ᠤᠷᠤᠨ ᠳᠤ

ᠠᠮᠢᠯᠠᠭᠤᠯᠵᠤ ᠳᠠᠭᠤᠯᠤᠭᠰᠠᠨ ᠳᠠᠭᠤᠤ ᠪᠠᠨ ᠦᠭᠭᠦᠶ᠎ᠡ ᠡ

ᠠᠶᠠᠯᠭᠤ ᠰᠢᠩᠭᠡᠭᠡᠭᠰᠡᠨ ᠳᠠᠭᠤᠤ ᠶᠢ ᠮᠢᠨᠢ

ᠠᠴᠢᠲᠤ ᠡᠵᠢ ᠮᠢᠨᠢ ᠤᠤᠭᠤ ᠳ᠋ᠠ

ᠠᠶᠠᠭᠠᠯᠠᠨ ᠠᠶᠠᠭᠠᠯᠠᠨ ᠤᠤᠭᠤᠶ᠎ᠠ ᠳ᠋ᠠ

ᠠᠶᠠᠯᠭᠤ ᠰᠢᠩᠭᠡᠭᠡᠭᠰᠡᠨ ᠳᠠᠭᠤᠤ ᠶᠢ ᠮᠢᠨᠢ

ᠠᠴᠢᠲᠤ ᠡᠵᠢ ᠮᠢᠨᠢ ᠤᠤᠭᠤ ᠳ᠋ᠠ

ᠠᠶᠠᠭᠠᠯᠠᠨ ᠠᠶᠠᠭᠠᠯᠠᠨ ᠤᠤᠭᠤᠶ᠎ᠠ ᠳ᠋ᠠ

ᠠᠮᠲᠠᠯᠠᠨ ᠠᠮᠲᠠᠯᠠᠨ ᠤᠤᠭᠤ (ᠤᠤᠭᠤᠶ᠎ᠠ) ᠳ᠋ᠠ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ