ᠬᠠᠪᠤᠷ ᠤᠨ ᠨᠠᠢᠷᠠᠭ

ᠳᠠᠭᠤᠴᠢᠨ᠄ ᠪᠦᠬᠦ ᠤᠳᠤᠳ
ᠦᠭᠡ᠄ ᠵ·ᠱᠠᠭᠳᠠᠷ
ᠠᠶ᠎ᠠ᠄ ᠬ·ᠰᠡᠷᠭᠦᠯᠡᠩ
ᠴᠤᠮᠤᠭ ᠤᠨ ᠬᠠᠷᠢᠶ᠎ᠠ᠄ ᠬᠤᠤᠰᠯᠠᠯ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 11332
ᠴᠠᠭ᠄ 2019 ᠤᠨ ᠤ 08 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠠᠦ᠋ᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠰ·ᠵᠢᠪᠬᠤᠯᠠᠩ᠂ ᠲ·ᠪᠠᠶᠠᠰᠬᠤᠯᠠᠩ ᠳᠠᠭᠤᠯᠠᠪᠠ)

 

ᠠᠷᠭᠠᠯᠢ ᠶᠢᠨ ᠤᠳᠤᠮᠲᠤ ᠬᠤᠨᠢᠨ ᠰᠦᠷᠦᠭ ᠮᠢᠨᠢ

ᠠᠯᠠᠭᠯᠠᠩᠬᠠᠨ ᠰᠤᠪᠤᠳᠤᠷᠠᠩᠬᠠᠨ ᠥᠰᠴᠦ ᠪᠠᠢᠨ᠎ᠠ

ᠬᠠᠯᠵᠠᠨ ᠴᠠᠭᠠᠨᠬᠠᠨ ᠬᠤᠷᠠᠭ᠎ᠠ ᠨᠤᠭᠤᠳ ᠨᠢ ᠬᠦ᠋

ᠬᠠᠰᠢᠶ᠎ᠠ ᠳᠦᠭᠦᠷᠡᠩ ᠲᠤᠭᠯᠠᠩᠬᠠᠨ ᠪᠠᠢᠨ᠎ᠠ

 

ᠶᠠᠩᠭᠢᠷ ᠤᠨ ᠤᠳᠤᠮᠲᠤ ᠢᠮᠠᠭᠠᠨ ᠰᠦᠷᠦᠭ ᠮᠢᠨᠢ

ᠢᠭᠢᠷᠡᠯᠡᠩᠬᠡᠨ ᠢᠵᠢᠯᠢᠳᠡᠩᠬᠡᠨ ᠥᠰᠴᠤ ᠪᠠᠢᠨ᠎ᠠ

ᠢᠷᠭᠤᠢ ᠴᠡᠩᠬᠡᠷ ᠢᠰᠢᠭᠡ ᠨᠤᠭᠦᠳ ᠨᠢ ᠬᠦ᠋

ᠢᠮᠠᠭᠠᠨ ᠬᠠᠳᠠᠨ ᠳᠤ ᠪᠠᠨ ᠳᠡᠭᠦᠯᠢᠩᠬᠡᠨ ᠪᠠᠢᠨ᠎ᠠ

 

ᠠᠢ ᠬᠦ᠋ ᠵᠡ ᠬᠦ᠋᠂ ᠠᠢ ᠲᠦᠮᠡᠨ ᠰᠦᠷᠦᠭ ᠡ

ᠦᠢ ᠲᠦᠮᠡ ᠪᠡᠷ ᠦᠰᠭᠡᠭᠰᠡᠨ

ᠮᠠᠯᠴᠢᠨ ᠲᠦᠮᠡᠨ ᠦ ᠮᠢᠨᠢ ᠠᠯᠳᠠᠷ ᠡ

ᠮᠠᠯᠴᠢᠨ ᠲᠦᠮᠡᠨ ᠦ ᠮᠢᠨᠢ ᠠᠯᠳᠠᠷ ᠡ

 

ᠬᠠᠪᠲᠠᠭᠠᠢ ᠶᠢᠨ ᠤᠳᠤᠮᠲᠤ ᠲᠡᠮᠡᠭᠡᠨ ᠰᠦᠷᠦᠭ ᠮᠢᠨᠢ

ᠬᠠᠩᠭᠠᠯ ᠭᠤᠪᠢ ᠳᠠᠭᠠᠨ ᠬᠦᠷᠡᠩᠲᠡᠩᠬᠡᠨ ᠪᠡᠯᠴᠢᠵᠦ ᠪᠠᠢᠨ᠎ᠠ

ᠪᠤᠷᠤᠬᠠᠨ ᠬᠦᠭᠡᠷᠦᠬᠦᠨ ᠪᠤᠳᠤᠭᠤ ᠨᠤᠭᠤᠳ ᠨᠢ ᠬᠦ᠋

ᠪᠦᠷᠢᠳᠦ ᠶᠢᠨ ᠳᠤᠮᠳᠠ ᠪᠠᠨ ᠪᠤᠢᠯᠠᠩᠬᠠᠨ ᠪᠠᠢᠨ᠎ᠠ ᠡ

 

ᠠᠢ ᠬᠦ᠋ ᠵᠡ ᠬᠦ᠋᠂ ᠠᠢ ᠲᠦᠮᠡᠨ ᠰᠦᠷᠦᠭ ᠡ

ᠦᠢ ᠲᠦᠮᠡ ᠪᠡᠷ ᠦᠰᠭᠡᠭᠰᠡᠨ

ᠮᠠᠯᠴᠢᠨ ᠲᠦᠮᠡᠨ ᠦ ᠮᠢᠨᠢ ᠠᠯᠳᠠᠷ ᠡ

ᠮᠠᠯᠴᠢᠨ ᠲᠦᠮᠡᠨ ᠦ ᠮᠢᠨᠢ ᠠᠯᠳᠠᠷ ᠡ

 

ᠲᠤᠭᠤᠷ ᠤᠨ ᠤᠳᠤᠮᠲᠤ ᠦᠬᠡᠷ ᠰᠦᠷᠦᠭ ᠮᠢᠨᠢ

ᠲᠤᠬᠢᠲᠠᠢᠬᠠᠨ ᠨᠠᠯᠠᠢᠭᠠᠳ ᠪᠡᠯᠴᠢᠵᠦ ᠪᠠᠢᠨ᠎ᠠ

ᠢᠵᠢᠯ ᠬᠦᠭᠡᠷᠦᠬᠦᠨ ᠲᠤᠭᠤᠯ ᠨᠤᠭᠤᠳ ᠨᠢ ᠬᠦ᠋

ᠢᠵᠢᠢ ᠲᠡᠢ ᠪᠡᠨ ᠨᠠᠭᠠᠳᠤᠩᠬᠠᠨ ᠪᠠᠢᠨ᠎ᠠ ᠡ

 

ᠠᠢ ᠬᠦ᠋ ᠵᠡ ᠬᠦ᠋᠂ ᠠᠢ ᠲᠦᠮᠡᠨ ᠰᠦᠷᠦᠭ ᠡ

ᠦᠢ ᠲᠦᠮᠡ ᠪᠡᠷ ᠦᠰᠭᠡᠭᠰᠡᠨ

ᠮᠠᠯᠴᠢᠨ ᠲᠦᠮᠡᠨ ᠦ ᠮᠢᠨᠢ ᠠᠯᠳᠠᠷ ᠡ

ᠮᠠᠯᠴᠢᠨ ᠲᠦᠮᠡᠨ ᠦ ᠮᠢᠨᠢ ᠠᠯᠳᠠᠷ ᠡ

 

ᠲᠠᠬᠢ ᠶᠢᠨ ᠤᠳᠤᠮᠲᠤ ᠠᠳᠤᠭᠤᠨ ᠰᠦᠷᠦᠭ ᠮᠢᠨᠢ

ᠲᠠᠯ᠎ᠠ ᠳᠦᠭᠦᠷᠡᠩ ᠲᠠᠷᠬᠠᠩᠬᠠᠨ ᠪᠡᠯᠴᠢᠵᠦ ᠪᠠᠢᠨ᠎ᠠ

ᠪᠤᠰᠤᠭ᠎ᠠ ᠲᠦᠷᠦᠭᠰᠡᠨ ᠤᠨᠠᠭ᠎ᠠ ᠨᠤᠭᠤᠳ ᠨᠢ ᠬᠦ᠋

ᠪᠤᠷᠪᠢ ᠪᠠᠨ ᠲᠡᠨᠡᠢᠨ ᠬᠤᠷᠳᠤᠯᠠᠩᠬᠠᠨ ᠪᠠᠢᠨ᠎ᠠ ᠡ

 

ᠠᠢ ᠬᠦ᠋ ᠵᠡ ᠬᠦ᠋᠂ ᠠᠢ ᠲᠦᠮᠡᠨ ᠰᠦᠷᠦᠭ ᠡ

ᠦᠢ ᠲᠦᠮᠡ ᠪᠡᠷ ᠦᠰᠭᠡᠭᠰᠡᠨ

ᠮᠠᠯᠴᠢᠨ ᠲᠦᠮᠡᠨ ᠦ ᠮᠢᠨᠢ ᠠᠯᠳᠠᠷ ᠡ

ᠮᠠᠯᠴᠢᠨ ᠲᠦᠮᠡᠨ ᠦ ᠮᠢᠨᠢ ᠠᠯᠳᠠᠷ ᠡ

ᠮᠠᠯᠴᠢᠨ ᠲᠦᠮᠡᠨ ᠦ ᠮᠢᠨᠢ ᠠᠯᠳᠠᠷ ᠡ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ