ᠴᠢ ᠪᠤᠯ ᠢᠷᠡᠭᠡᠳᠦᠢ

ᠳᠠᠭᠤᠴᠢᠨ᠄ ᠪᠦᠬᠦ ᠤᠳᠤᠳ
ᠦᠭᠡ᠄ ᠱ·ᠭᠦᠷᠪᠠᠽᠠᠷ
ᠠᠶ᠎ᠠ᠄ OceanGrey
ᠴᠤᠮᠤᠭ ᠤᠨ ᠬᠠᠷᠢᠶ᠎ᠠ᠄ ᠣᠳᠣᠳ ᠤᠨ ᠬᠠᠮᠳᠤᠷᠠᠯᠴᠠᠭ᠎ᠠ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 215
ᠴᠠᠭ᠄ 2019 ᠤᠨ ᠤ 06 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠠᠦ᠋ᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

ᠮᠦᠷᠦᠭᠡᠳᠦᠯ ᠶᠢᠡᠷ ᠶᠢᠡᠨ ᠵᠢᠭᠦᠷᠯᠡᠭᠡᠳ ᠬᠠᠷᠠᠩᠭᠤᠢ ᠶᠢ ᠵᠦᠰᠦᠵᠦ ᠨᠢᠰ

ᠵᠠᠯᠠᠭᠤ ᠨᠠᠰᠤᠨ ᠤ ᠪᠠᠨ ᠥᠪᠡᠷ ᠶᠢᠡᠨ ᠴᠤᠷ ᠭᠠᠭᠴᠠ ᠡᠵᠡᠨ ᠨᠢ ᠴᠢ

ᠪᠤᠷᠤᠭ᠎ᠠ ᠲᠠᠢ ᠲᠩᠷᠢ ᠴᠡᠯᠮᠡᠬᠦ ᠶᠢ ᠬᠦᠯᠢᠶᠡᠬᠦ ᠰᠢᠭ᠌

ᠪᠤᠳᠤᠯ ᠳᠤ ᠪᠠᠨ ᠨᠤᠷᠴᠤ ᠠᠨᠢᠷ ᠦᠭᠡᠢ ᠳᠦ ᠴᠢᠮᠡᠭᠡ ᠦᠭᠡᠢ ᠰᠠᠭᠤᠭᠠᠳ ᠶᠠᠭᠠᠬᠢᠬᠤ ᠶᠤᠮ ᠪᠤᠢ

ᠬᠦᠰᠢᠭᠡ ᠶᠢᠡᠨ ᠨᠡᠭᠡᠭᠡᠳ ᠨᠠᠷᠠ ᠶᠢ ᠬᠠᠷᠠ

ᠱᠤᠤᠬᠢᠶᠠᠨ ᠳᠤᠮᠲᠠ ᠡᠴᠡ ᠦᠨᠡᠨ ᠢ ᠤᠯ

ᠠᠯᠬᠤᠵᠤ ᠶᠠᠪᠤᠭ᠎ᠠ ᠬᠦᠮᠦᠨ ᠭᠦᠶᠦᠲᠡᠯ᠎ᠡ

ᠠᠮᠢᠳᠤᠷᠠᠯ ᠡᠢᠮᠦ ᠡᠷᠴᠢᠲᠡᠢ ᠶᠢ ᠰᠠᠨᠠ

ᠴᠢᠮᠢ᠋ᠢ ᠬᠦᠯᠢᠶᠡᠭᠰᠡᠨ ᠰᠢᠨ᠎ᠡ ᠦᠷᠯᠦᠭᠡ

ᠴᠢᠨᠦ ᠮᠠᠷᠭᠠᠰᠢ ᠰᠢᠦ ᠳ᠋ᠡ

ᠥᠭᠡᠳᠡᠷᠭᠡᠭ ᠪᠠᠢᠳᠠᠭ ᠦᠨᠡᠨ ᠢ ᠯᠠ

ᠥᠪᠡᠷ ᠡᠴᠡ ᠪᠡᠨ᠂ ᠥᠪᠡᠷ ᠡᠴᠡ ᠪᠡᠨ ᠤᠯ

ᠴᠢ ᠪᠤᠯ ᠢᠷᠡᠭᠡᠳᠦᠢ

ᠴᠢ ᠪᠤᠯ ᠮᠠᠷᠭᠠᠰᠢ

ᠴᠢ ᠪᠤᠯ ᠢᠷᠡᠭᠡᠳᠦᠢ

ᠴᠢ ᠪᠤᠯ ᠮᠠᠷᠭᠠᠰᠢ

 

ᠰᠠᠶ᠎ᠠ ᠰᠠᠶ᠎ᠠ ᠬᠦᠰᠡᠯ ᠲᠡᠮᠡᠦᠯᠡᠯ ᠳᠤᠮᠲᠠ ᠡᠴᠡ

ᠰᠠᠨᠠᠭᠰᠠᠨ ᠳᠤ ᠪᠠᠨ ᠬᠦᠷᠬᠦ ᠵᠦᠭ ᠴᠢᠭ ᠢ ᠤᠯ

ᠢᠷᠡᠭᠡᠳᠦᠢ ᠴᠢᠨᠦ ᠲᠤᠬᠠᠢ ᠳᠠᠭᠤᠤ ᠵᠤᠬᠢᠶᠠᠵᠤ ᠪᠠᠢᠨ᠎ᠠ

ᠨᠢᠳᠦ ᠪᠡᠨ ᠨᠡᠭᠡᠭᠡᠳ ᠢᠨᠢᠶᠡᠮᠰᠦᠭᠯᠡᠭᠡᠴᠢ

ᠥᠩᠭᠡᠷᠡᠭᠰᠡᠨ ᠢ ᠴᠠᠭ ᠬᠤᠭᠤᠴᠠᠭᠠᠨ ᠳᠤ ᠨᠢ ᠦᠯᠡᠳᠡᠭᠡ

ᠰᠢᠨ᠎ᠡ ᠪᠦᠬᠦᠨ ᠦ ᠡᠬᠢᠯᠡᠯ ᠤᠨ ᠵᠢᠯ ᠦᠳ ᠲᠡᠢ ᠰᠡᠷᠡᠵᠦ ᠪᠠᠢᠨ᠎ᠠ

ᠬᠠᠷ᠎ᠠ ᠮᠠᠭᠤ ᠪᠦᠬᠦᠨ ᠢ ᠬᠠᠵᠠᠭᠤ ᠪᠠᠷ ᠶᠢᠠᠨ ᠥᠩᠭᠡᠷᠡᠭᠡ

ᠡᠪ ᠲᠡᠢ ᠪᠠᠰᠠ ᠡᠶᠡᠷᠬᠦ ᠢᠷᠡᠭᠡᠳᠦᠢ ᠤᠷᠤᠭᠤ ᠬᠠᠮᠲᠤ

ᠪᠢᠳᠡ ᠨᠢᠭᠡ ᠪᠢᠳᠡ ᠪᠦᠭᠦᠳᠡᠭᠡᠷ ᠶᠢᠡᠨ ᠨᠢᠭᠡ

ᠬᠦᠰᠢᠭᠡ ᠪᠡᠨ ᠨᠡᠭᠡᠭᠡᠳ ᠮᠠᠨᠳᠤᠵᠤ ᠪᠠᠢᠭ᠎ᠠ ᠲᠡᠷᠡ ᠨᠠᠷᠠ ᠶᠢ ᠬᠠᠷᠠ

ᠱᠤᠤᠭᠢᠶᠠᠨ ᠳᠤᠮᠳᠠ ᠡᠴᠡ ᠲᠡᠷᠡ ᠦᠨᠡᠨ ᠢ ᠤᠯ

ᠠᠯᠬᠤᠵᠤ ᠶᠠᠪᠤᠭ᠎ᠠ ᠬᠦᠮᠦᠨ ᠭᠦᠶᠦᠲᠡᠯ᠎ᠡ

ᠠᠮᠢᠳᠤᠷᠠᠯ ᠡᠢᠮᠦ ᠡᠷᠴᠢ ᠬᠦᠴᠦ ᠲᠡᠢ ᠶᠢ ᠰᠠᠨᠠ

ᠦᠨᠡᠨ ᠢ ᠤᠯ᠂ ᠥᠪᠡᠷ ᠡᠴᠡ ᠪᠡᠨ ᠤᠯ

ᠴᠢ ᠪᠤᠯ ᠢᠷᠡᠭᠡᠳᠦᠢ

ᠴᠢ ᠪᠤᠯ ᠮᠠᠷᠭᠠᠰᠢ

ᠴᠢ ᠪᠤᠯ ᠢᠷᠡᠭᠡᠳᠦᠢ

ᠴᠢ ᠪᠤᠯ ᠮᠠᠷᠭᠠᠰᠢ

ᠴᠢ ᠪᠤᠯ ᠢᠷᠡᠭᠡᠳᠦᠢ

ᠵᠠᠯᠠᠭᠤ ᠨᠠᠰᠤ ᠰᠢᠭ ᠡᠷᠴᠢ ᠬᠦᠴᠦ ᠲᠡᠢ

ᠬᠠᠭᠠᠰ ᠪᠦᠲᠦᠨ ᠰᠠᠢᠨ ᠡᠳᠦᠷ ᠰᠦᠨᠢ ᠬᠡᠳᠦᠨ ᠴᠠᠭ ᠬᠠᠮᠢᠶ᠎ᠠ ᠪᠠᠢᠬᠤ ᠦᠭᠡᠢ ᠡ

ᠪᠦᠭᠦᠳᠡ ᠢᠵᠢᠯᠬᠡᠨ ᠠᠵᠢᠯ ᠬᠢᠵᠦ ᠪᠠᠢᠭ᠎ᠠ ᠬᠦᠮᠦᠨ ᠳᠦ ᠠᠮᠠᠷ ᠪᠠᠢᠬᠤ ᠦᠭᠡᠢ ᠡ

ᠵᠠᠷᠢᠮ ᠬᠦᠮᠦᠨ ᠨᠠᠮᠢ᠋ᠢ ᠶᠠᠭᠤ ᠴᠤ ᠬᠢᠭᠰᠡᠨ ᠤᠢᠯᠠᠭᠠᠬᠤ ᠦᠭᠡᠢ ᠡ

ᠵᠠᠷᠢᠮ ᠬᠦᠮᠦᠨ ᠨᠠᠮᠢ᠋ᠢ ᠶᠠᠭᠤ ᠴᠤ ᠬᠢᠭᠰᠡᠨ ᠬᠠᠢᠷᠠᠯᠠᠬᠤ ᠪᠠᠨ ᠪᠤᠯᠢᠬᠤ ᠦᠭᠡᠢ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ