ᠬᠦᠯᠢᠶᠡᠭᠰᠡᠨ ᠤᠴᠠᠷᠠᠯ

ᠳᠠᠭᠤᠴᠢᠨ᠄ ᠪᠦᠬᠦ ᠤᠳᠤᠳ
ᠦᠭᠡ᠄ ᠳ·ᠪᠤᠯᠤᠳ
ᠠᠶ᠎ᠠ᠄ ᠰ·ᠡᠩᠬᠡᠲᠠᠢᠪᠤᠩ
ᠴᠤᠮᠤᠭ ᠤᠨ ᠬᠠᠷᠢᠶ᠎ᠠ᠄ ᠬᠠᠢᠷ᠎ᠠ ᠳᠤᠷᠠᠯᠠᠯ ᠤᠨ
ᠤᠷᠠᠯᠢᠭ ᠤᠨ ᠬᠤᠪᠢᠶᠠᠷᠢ᠄ ᠵᠤᠬᠢᠶᠠᠯ ᠤᠨ ᠳᠠᠭᠤᠤᠤᠶᠠᠩᠭ᠎ᠠ ᠶᠢᠨ ᠳᠠᠭᠤᠤ
ᠳᠠᠷᠤᠮ᠄ 21324
ᠴᠠᠭ᠄ 2008 ᠤᠨ ᠤ 05 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠠᠦ᠋ᠳᠢᠤ᠋ ᠪᠢᠴᠢᠯᠭᠡ ᠲᠠᠢ (ᠡ᠊ᠨᠳᠡ ᠡᠴᠡ ᠬᠤᠯᠪᠤᠭᠳᠠᠭᠠᠷᠠᠢ)

(ᠳᠠᠭᠤᠴᠢᠨ ᠮᠠᠷᠠᠯᠵᠢᠩᠭᠤᠸ᠎ᠠ)

 

ᠳᠤᠷᠠᠯᠠᠯ ᠤᠨ ᠦᠷ᠎ᠡ ᠵᠡᠭᠦᠭ᠍ᠰᠡᠨ ᠪᠢᠯᠵᠠᠤᠬᠠᠢ ᠴᠢ

ᠭᠡᠵᠢᠭᠡᠨ ᠳᠡᠭᠡᠷ᠎ᠡ ᠮᠢᠨᠢ ᠪᠠᠭᠤᠭᠠᠤᠨ ᠨᠢᠰᠪᠠ ᠤᠤ

ᠳᠤᠳᠠᠭᠤ ᠬᠠᠢ᠌ᠷᠠᠯᠠᠭᠰᠠᠨ ᠬᠠᠢ᠌ᠷ᠎ᠠ ᠮᠢᠨᠢ ᠴᠢᠮ᠎ᠠ ᠡᠴᠡ ᠦᠷᠭᠦᠭᠡᠳ ᠨᠢᠰᠦᠭᠡ ᠦᠦ

ᠮᠦᠷᠦᠭᠡᠳᠦᠯ ᠤᠨ ᠭᠠᠯ ᠲᠡᠶ ᠭᠡᠷᠡᠯ ᠴᠢᠨᠢ ᠦᠳᠡᠰᠢ ᠪᠠᠷ

ᠮᠥᠩᠭᠡ ᠶᠢᠨ ᠭᠤᠨᠢᠭ ᠢ ᠵᠡᠭᠦᠳᠤᠨ ᠳᠤ ᠣᠷᠭᠤᠭᠤᠯᠪᠠ ᠦᠦ

ᠴᠠᠭ ᠤᠨ ᠴᠤᠭᠢᠯᠳᠠ ᠡᠴᠡ ᠪᠣᠷᠤᠭ᠎ᠠ ᠲᠡᠶ ᠬᠤᠯᠵᠢᠭᠠᠤᠨ ᠦᠷ ᠶᠢᠡᠷ ᠰᠢᠪᠠᠨᠡᠭᠡ ᠦᠦ

    ᠭᠦᠵᠦᠭᠦᠨ ᠳᠤ ᠪᠠᠨ ᠵᠡᠭᠦᠭ᠍ᠰᠡᠨ ᠮᠥᠩᠭᠦᠨ ᠵᠡᠭᠦᠯᠳᠡ ᠮᠢᠨᠢ

    ᠶᠠᠭ ᠣᠳᠤ ᠭᠡᠷᠡᠯᠳᠦᠭᠡᠳ ᠪᠠᠢ᠌ᠨ᠎ᠠ

    ᠭᠦᠯᠢᠶᠡᠭ᠍ᠰᠡᠨ ᠣᠴᠠᠷᠠᠯ ᠮᠢᠨᠢ ᠢᠷᠡᠭᠦ ᠨᠢ ᠡᠨᠡ ᠦᠦ

    ᠵᠢᠷᠦᠭᠡᠨ ᠳᠤ ᠮᠢᠨᠢ ᠵᠢᠷᠤᠭᠰᠠᠨ ᠳᠠᠷᠠ ᠯᠠ ᠬᠠᠢ᠌ᠷ᠎ᠠ ᠮᠢᠨᠢ

    ᠬᠠᠯᠠᠭᠤᠨ ᠶᠢᠡᠷ ᠳᠦᠭᠡᠨᠡᠭᠡᠳ ᠪᠠᠢ᠌ᠨ᠎ᠠ

    ᠵᠡᠭᠦᠳᠦᠨ ᠳᠡᠭᠡᠨ ᠪᠢᠰᠢ ᠪᠣᠯᠵᠤᠭᠠᠨ ᠳᠠᠭᠠᠨ ᠣᠴᠠᠷᠠᠬᠤ ᠨᠢ ᠡᠨᠡ ᠦᠦ

 

ᠭᠦᠰᠡᠯ ᠤᠨ ᠶᠢᠡᠨ ᠳᠡᠭ᠍ᠷᠢ ᠳᠤ ᠬᠠᠢ᠌ᠷ᠎ᠠ ᠶᠢᠨ ᠳᠠᠭᠤᠤ ᠠᠶᠠᠯᠤᠭᠠᠤᠨ

ᠰᠢᠭᠦᠳᠡᠷᠢ ᠡᠴᠡ ᠢᠴᠢᠵᠤ ᠬᠠᠴᠠᠷ ᠮᠢᠨᠢ ᠶᠠᠭᠠᠷᠠᠪᠠ ᠤᠤ

ᠬᠤᠶᠠᠭᠤᠯᠠ ᠪᠠᠨ ᠭᠦᠯᠢᠶᠡᠭ᠍ᠰᠡᠨ ᠡᠪᠦᠯ ᠮᠢᠨᠢ ᠨᠠᠳᠠ ᠡᠴᠡ ᠴᠢᠮᠢ᠋ᠢ ᠨᠡᠭᠡᠭᠡ ᠦᠦ

ᠰᠡᠭᠦᠯᠴᠢ ᠶᠢᠨ ᠰᠤᠯᠤᠩᠭ᠎ᠠ ᠶᠢ ᠪᠢᠳᠠ ᠬᠠᠮᠳᠤᠳᠠ ᠥᠭᠦᠭᠡᠷᠳᠦᠭᠡᠳ

ᠢᠷᠡᠭᠦ ᠵᠤᠨ ᠢ ᠡᠪᠦᠯ ᠡᠴᠡ ᠮᠦᠷᠦᠭᠡᠳᠪᠡ ᠦᠦ

ᠬᠠᠢ᠌ᠷ᠎ᠠ ᠪᠠᠨ ᠥᠯᠡᠭᠡᠳᠡᠭ᠍ᠰᠡᠨ ᠳᠦᠭᠦᠯ ᠳᠤ ᠪᠢᠳᠠ ᠬᠤᠶᠠᠷ ᠳᠠᠭᠢᠭᠠᠤᠨ ᠪᠣᠯᠵᠤᠭ᠎ᠠ ᠦᠦ

    ᠭᠦᠵᠦᠭᠦᠨ ᠳᠤ ᠪᠠᠨ ᠵᠡᠭᠦᠭ᠍ᠰᠡᠨ ᠮᠥᠩᠭᠦᠨ ᠵᠡᠭᠦᠯᠳᠡ ᠮᠢᠨᠢ

    ᠶᠠᠭ ᠣᠳᠤ ᠭᠡᠷᠡᠯᠳᠦᠭᠡᠳ ᠪᠠᠢ᠌ᠨ᠎ᠠ

    ᠭᠦᠯᠢᠶᠡᠭ᠍ᠰᠡᠨ ᠣᠴᠠᠷᠠᠯ ᠮᠢᠨᠢ ᠢᠷᠡᠭᠦ ᠨᠢ ᠡᠨᠡ ᠦᠦ

    ᠵᠢᠷᠦᠭᠡᠨ ᠳᠤ ᠮᠢᠨᠢ ᠵᠢᠷᠤᠭᠰᠠᠨ ᠳᠠᠷᠠ ᠯᠠ ᠬᠠᠢ᠌ᠷ᠎ᠠ ᠮᠢᠨᠢ

    ᠬᠠᠯᠠᠭᠤᠨ ᠶᠢᠡᠷ ᠳᠦᠭᠡᠨᠡᠭᠡᠳ ᠪᠠᠢ᠌ᠨ᠎ᠠ

    ᠵᠡᠭᠦᠳᠦᠨ ᠳᠡᠭᠡᠨ ᠪᠢᠰᠢ ᠪᠣᠯᠵᠤᠭᠠᠨ ᠳᠠᠭᠠᠨ ᠣᠴᠠᠷᠠᠬᠤ ᠨᠢ ᠡᠨᠡ ᠦᠦ

ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ