ᠬᠤᠳᠠ᠂ ᠬᠤᠳᠠ᠂ ᠬᠤᠳᠠ

ᠠᠰᠠᠷ ᠳᠠᠭᠳᠤ ᠨᠢ

    ᠦᠨᠳᠦᠷ ᠶᠢᠡᠷ ᠶᠢᠡᠨ ᠦᠰᠴᠦ ᠯᠠ ᠪᠠᠢ᠌ᠳᠠᠭ

ᠠᠭᠠᠷ ᠮᠠᠠᠳᠠᠯ  ᠨᠢ

    ᠦᠪᠴᠢ ᠪᠠᠷ ᠶᠢᠡᠨ ᠪᠣᠭᠢᠷᠳᠤᠵᠤ ᠯᠠ ᠪᠠᠢ᠌ᠳᠠᠭ

ᠠᠷᠠᠤᠨ ᠢᠷᠭᠡᠳ ᠨᠢ

    ᠡᠳᠦᠷᠵᠢᠨ ᠮᠤᠩᠭᠢᠨᠠᠵᠤ ᠯᠠ ᠪᠠᠢ᠌ᠳᠠᠭ᠂


ᠦᠷᠯᠦᠭᠡ ᠳᠤ ᠪᠠᠨ

    ᠣᠳᠤᠭ᠎ᠠ ᠨᠢ ᠭᠠᠵᠠᠷ ᠬᠠᠬᠠᠳᠠᠯ᠎ᠠ ᠳᠤᠨᠤᠷᠠᠳᠠᠭ

ᠡᠳᠦᠷ ᠲᠤ ᠪᠠᠨ

    ᠠᠳᠠᠭ᠎ᠠ ᠨᠢ ᠳᠡᠭ᠍ᠷᠢ ᠳᠤᠯᠳᠠᠯ᠎ᠠ ᠪᠣᠰᠳᠠᠭ

ᠦᠳᠡᠰᠢ ᠳᠤ ᠪᠠᠨ

    ᠰᠠᠨᠠᠭ᠎ᠠ ᠨᠢ ᠰᠠᠷᠠ ᠊ᠭ᠍‍ᠬᠢᠷᠳᠦᠳᠡᠯ᠎ᠡ ᠭᠦᠭᠡᠷᠳᠡᠭ᠌᠂


ᠣᠳᠠᠰᠤ ᠪᠠᠷ ᠶᠠᠷᠢᠬᠤ ᠳ᠋ᠤ

    ᠰᠤᠨᠤᠷ ᠬᠠᠯᠠᠰᠬᠠᠮ᠎ᠠ ᠳᠤᠯᠠᠭᠠᠬᠠᠨ ᠵᠤᠭᠤᠭ ᠳᠠᠢ

ᠠᠭᠤᠯᠵᠠᠭᠠᠤᠨ ᠥᠩᠭᠡᠷᠡᠭᠦ ᠳ᠋ᠤ

    ᠲ᠋ᠠᠮᠢᠷ ᠰᠡᠷᠭᠦᠮ᠎ᠡ ᠬᠠᠯᠠᠭᠤᠬᠠᠨ ᠵᠠᠩ ᠳᠠᠢ

ᠣᠴᠢᠷ ᠳᠡᠭᠡᠷ᠎ᠡ ᠪᠠᠨ

    ᠣᠬᠠᠭᠠᠨ ᠨᠢ ᠣᠯᠳᠠᠬᠤ ᠦᠭᠡᠶ ᠣᠯᠠᠨ ᠳᠤᠨᠤᠯᠵᠢᠨ ᠲᠡᠶ᠂


ᠬᠤᠳᠠ

    ᠭᠦᠳᠡᠭᠡ ᠥᠭᠡᠳᠡ ᠴᠠᠷᠠᠭ᠎ᠠ ᠦᠭᠡᠶ ᠳᠠᠯᠠᠨ᠎ᠡ

ᠪᠢᠳᠠ

    ᠬᠤᠳᠠ ᠣᠷᠤᠭᠤ ᠬᠤᠷᠢᠭ᠎ᠠ ᠥᠭᠡᠢ ᠲ᠋ᠡᠪᠰᠢᠨ᠎ᠡ᠃

    


ᠵᠤᠬᠢᠶᠠᠭᠴᠢ ᠶᠢᠨ ᠬᠠ‍‌ᠶᠢᠭ ᠄ ᠦᠪᠣᠷ ᠮᠤᠩᠭ᠋ᠤᠯ ᠠᠷᠤ ᠬᠤᠷᠴᠢᠨ

ᠵᠤᠬᠢᠶᠠᠭᠴᠢ᠄ ᠰᠠ᠊·ᠵᠠᠮᠢᠶᠠᠨ
ᠬᠠᠷᠢᠶ᠎ᠠ᠄ ᠰᠢᠯᠦᠭ
ᠳᠠᠷᠤᠮ᠄ 1796
ᠴᠠᠭ᠄ 2011 ᠤᠨ ᠤ 12 ᠰᠠᠷ᠎ᠠ ᠶᠢᠨ 07