ᠰᠢᠳᠦᠭᠡᠨ

ᠰᠢᠭᠦᠳᠡᠷᠢ ᠪᠣᠯᠭᠠᠨ ᠨᠠᠪᠴᠢ ᠴᠡᠴᠡᠭᠡᠰ ᠤᠨ ᠦᠨᠦᠷ ᠲᠡᠶ

ᠰᠢᠯᠦᠭ᠍ᠴᠢ ᠪᠣᠯᠭᠠᠨ ᠣᠶᠠᠷᠠᠯ ᠰᠡᠳᠭᠢᠯ ᠤᠨ ᠦᠮᠴᠢ ᠲᠡᠶ

ᠨᠠᠷᠠᠨ ᠳᠤ ᠭᠦᠷᠳᠡᠯ᠎ᠡ ᠡᠯᠢᠭᠡᠰᠡᠭ᠌ ᠳᠤᠯᠠᠭᠠᠨ ᠳᠤᠤᠯᠢ ᠲᠡᠶ

ᠨᠠᠳᠠᠳᠤ ᠭᠦᠷᠳᠡᠯ᠎ᠡ ᠰᠢᠳᠦᠭᠡᠨ ᠨᠠᠢ᠌ᠷᠠᠭ ᠤᠨ ᠵᠤᠯᠠ ᠲᠡᠶ

ᠲᠦᠮᠡᠨ ᠪᠣᠳᠠᠰ ᠲᠤ ᠢᠪᠠᠭᠡᠯ ᠬᠠᠢ᠌ᠷ᠎ᠠ ᠶᠢᠨ ᠳᠤᠶᠠᠭ᠎ᠠ ᠲᠡᠶ

ᠳᠦᠷᠦᠭ᠍ᠰᠡᠨ ᠪᠠᠶ᠎ᠠ ᠢᠳᠡᠭᠡᠯ ᠨᠠᠢ᠌ᠷᠠᠭ ᠤᠨ ᠰᠢᠳᠦᠭᠡᠨ ᠲᠡᠶ

ᠬᠠᠨ ᠳᠡᠯᠡᠭᠡᠢ ᠣᠶᠠᠩᠭ᠋᠎ᠠ ᠪᠣᠳᠤᠭ ᠤᠨ ᠰᠦᠨᠠᠰᠤ ᠲᠡᠶ

ᠬᠠᠯᠠᠭᠤᠨ ᠬᠠᠢ᠌ᠷ᠎ᠠ ᠰᠢᠯᠦᠭ᠌ ᠨᠠᠢ᠌ᠷᠠᠭ ᠤᠨ ᠣᠷᠮ᠎ᠠ ᠲᠡᠶ

ᠠᠪᠣᠷᠭᠤ ᠰᠤᠶᠤᠯ ᠡᠳ᠋ᠯᠡᠭᠡᠳ ᠪᠠᠷᠠᠰᠢ ᠦᠭᠡᠶ ᠦᠪ ᠲᠡᠶ

ᠠᠵᠠ ᠪᠠᠷ ᠪᠢ ᠳᠡᠷᠭᠡᠳᠡ ᠨᠢ ᠰᠠᠭᠤᠬᠤ ᠡᠷᠭᠡ ᠲᠡᠶ

ᠰᠠᠨᠠᠭ᠎ᠠ ᠣᠨᠤᠭ᠎ᠠ ᠬᠤᠶᠠᠷ ᠰᠠᠯᠵᠤ ᠪᠣᠯᠤᠰᠢ ᠦᠭᠡᠶ ᠵᠢᠷᠤᠮ ᠲᠡᠶ

ᠰᠠᠷᠠᠨ ᠨᠠᠷᠠᠨ ᠬᠤᠶᠠᠷ ᠡᠭᠡᠯᠵᠢᠯᠡᠵᠤ ᠪᠠᠢ᠌ᠬᠤ ᠶᠤᠰᠤ ᠲᠡᠶ

ᠪᠢ ᠭᠦᠭᠡ ᠳᠤᠭ ᠤᠨ ᠳᠤᠤᠷ᠎ᠠ ᠰᠥᠭᠦᠷᠡᠵᠤ

ᠪᠢᠴᠢᠭ᠌ ᠤᠨ ᠲᠦᠯᠦᠭᠡᠨ ᠤ ᠨᠠᠢ᠌ᠷᠠᠭ ᠣᠩᠰᠢᠨ᠎ᠠ


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠶᠢᠨ ᠰᠢᠯᠤᠭᠤᠨ ᠭᠦᠭᠡ ᠬᠤᠰᠢᠭᠤᠨ ᠤ ᠰᠠᠩ ᠤᠨ ᠳᠠᠯᠠᠢ ᠪᠠᠯᠭᠠᠰᠤᠨ ᠤ ᠭᠠᠩᠭ᠋ᠠᠠᠳᠠᠯ᠎ᠠ ᠭᠠᠴᠠᠭ᠎ᠠ

ᠵᠤᠬᠢᠶᠠᠭᠴᠢ᠄ ᠬᠠᠰᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1791
ᠴᠠᠭ᠄ 2011 ᠤᠨ ᠤ 02 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ