ᠠᠰᠠᠨ᠎ᠠ ᠪᠢᠯᠠ ᠡ

ᠠᠰᠠᠨ᠎ᠠ ᠪᠢᠯᠠ ᠡ ︕ ᠠᠰᠠᠨ᠎ᠠ ᠪᠢᠯᠠ ᠡ ︕

ᠠᠯᠳᠠᠨ ᠨᠠᠷᠠᠨ ᠤ ᠭᠡᠭᠡᠭᠡᠨ ᠰᠠᠴᠤᠯ ᠵᠢᠠᠷ

        ᠲ᠋ᠡᠯᠭᠡᠢ ᠶ‍ᠢᠷᠳᠢᠠᠴᠤ ᠢᠪᠠᠭᠡᠭᠡᠭ᠍ᠳᠡᠩᠭᠡᠨ ᠭᠡᠷᠡᠯᠳᠦᠭ᠍ᠰᠡᠭᠡᠷ

ᠠᠭᠠᠷ ᠮᠠᠠᠳᠤᠯ ᠤᠨ ᠠᠷᠢᠭᠤᠨ ᠠᠮᠢᠰᠬᠤᠯ ᠵᠢᠠᠷ

        ᠲᠦᠮᠡᠨ ᠪᠣᠳᠠᠰ ᠠᠮᠢᠵᠢᠷᠠᠨ ᠠᠰᠠᠨ᠎ᠠ ︕

ᠠᠪᠣᠷᠭᠤ ᠪᠦᠮᠪᠦᠷᠴᠡᠭ᠌ ᠤᠨ ᠡᠷᠭᠢᠨ ᠳᠡᠩᠭᠡᠯᠢᠭ᠌ ᠵᠢᠠᠷ

        ᠪᠠᠶᠠᠨ ᠪᠠᠢ᠌ᠭᠠᠯᠢ ᠣᠷᠤᠰᠢᠩᠬᠠᠨ ᠵᠠᠢ᠌ᠴᠢᠯᠠᠭᠰᠠᠭᠠᠷ

ᠷᠠᠰᠢᠶᠠᠨ ᠣᠰᠤᠨ ᠤ ᠰᠢᠮᠠᠨ ᠳᠡᠩᠭᠡᠭᠡ ᠪᠠᠷ

        ᠵᠣᠢ᠌ᠯ ᠤᠨ ᠣᠷᠭᠤᠮᠠᠯ ᠴᠡᠴᠡᠭᠯᠡᠨ ᠠᠰᠠᠨ᠎ᠠ ︕

ᠠᠶᠠᠨ ᠭᠠᠯ ᠤᠨ ᠪᠠᠳᠠᠷᠠᠭᠤᠨ ᠰᠦᠷ ᠵᠢᠠᠷ

        ᠭᠦᠮᠤᠨ ᠳᠦᠷᠤᠯᠭᠢᠳᠠᠨ ᠴᠡᠴᠡᠭᠯᠡᠩᠭᠡᠨ ᠳᠡᠭ᠍ᠷᠢᠯᠡᠭ᠍ᠰᠡᠭᠡᠷ

ᠠᠰᠢᠳᠠ ᠶᠢᠨ ᠣᠳᠤᠨ ᠰᠠᠠᠰᠠᠷ ᠤᠨ ᠰᠤᠳᠤᠯᠭᠠᠨ ᠵᠢᠠᠷ

        ᠰᠢᠡᠵᠢᠯᠡᠭᠡᠨ ᠮᠡᠷᠭᠡᠵᠢᠯ ᠰᠤᠯᠤᠩᠭ᠋ᠠᠷᠠᠨ ᠠᠰᠠᠨ᠎ᠠ ︕

ᠠᠮᠢᠨ ᠳᠡᠭᠷᠢ ᠠᠶᠠᠰᠯᠠᠵᠤ ᠠᠰᠨ᠎ᠠ ︕ ᠣᠷᠭᠤᠵᠤ ᠠᠰᠠᠨ᠎ᠠ ︕

ᠠᠰᠠᠨ᠎ᠠ ᠪᠢᠯᠠ ᠡ ︕ ᠠᠰᠠᠨ᠎ᠠ ᠪᠢᠯᠠ ᠡ ︕

ᠭᠦᠢ ᠮᠤᠩᠭ᠋ᠤᠯ ᠤᠨ ᠣᠩᠭ᠋ᠤᠨ ᠥᠡᠳᠦᠷᠯᠢᠭ᠌ ᠵᠢᠠᠷ

        ᠦᠨᠢᠷ ᠣᠭᠰᠠᠭ᠎ᠠ ᠣᠳᠤᠮᠯᠠᠩᠬᠠᠨ ᠵᠠᠶᠠᠭᠠᠭᠰᠠᠭᠠᠷ

ᠭᠦᠭᠡ ᠲᠦᠯᠤ ᠶᠢᠨ ᠢᠷᠳᠤ ᠣᠯᠠᠭᠠᠨ ᠭᠠᠯ ᠵᠢᠠᠷ

        ᠮᠤᠩᠭ᠋ᠤᠯ ᠪᠢᠴᠢᠭ᠌ ᠪᠣᠰᠤᠭ᠎ᠠ ᠠᠰᠠᠨ᠎ᠠ ︕

ᠭᠦᠭᠡᠮᠳᠦᠭ᠌ ᠠᠭᠤᠯᠠᠰ ᠤᠨ ᠣᠷᠭᠤᠭᠠᠨ ᠰᠡᠷᠡᠭᠡᠨ ᠶᠢᠡᠷ

        《ᠨᠢᠭᠤᠴᠠ ᠳᠤᠪᠴᠢᠶᠠᠨ》 ᠣᠨᠢᠰᠤᠯᠠᠩᠬᠠᠨ ᠣᠬᠠᠭᠠᠷᠠᠭᠰᠠᠭᠠᠷ


ᠭᠦᠷᠭᠢᠷ᠎ᠡ ᠣᠰᠤᠨ ᠤ ᠳᠤᠭᠰᠢᠨ ᠴᠠᠮᠨᠠᠭ᠎ᠠ ᠪᠠᠷ

        ᠴᠢᠩᠭᠢᠰ ᠳᠤᠤᠯᠢᠰ ᠬᠠᠢ᠌ᠯᠠᠨ ᠠᠰᠠᠨ᠎ᠠ ︕

ᠭᠦᠯᠦᠭ᠌ ᠶ‍ᠢᠰᠤᠨ ᠦᠷᠯᠦᠭ᠌ ᠤᠨ ᠬᠤᠪᠢᠯᠭᠠᠨ ᠰᠢᠳᠢ ᠪᠠᠷ

        ᠰᠤᠳᠤᠨ ᠣᠬᠠᠭᠠᠨ ᠰᠦᠩᠨᠠᠩᠬᠡᠨ ᠣᠷᠠᠯᠠᠭᠰᠠᠭᠠᠷ

ᠭᠦᠭᠦᠯᠳᠤ ᠶ‍ᠢᠰᠤᠨ ᠳᠤᠭ ᠤᠨ ᠤᠪᠢᠳᠠᠰ ᠳᠠᠯᠠᠯᠤᠭ᠎ᠠ ᠪᠠᠷ

        ᠣᠳᠤᠨ ᠪᠠᠭᠠᠳᠤᠷ ᠪᠠᠢ᠌ᠯᠳᠤᠨ ᠠᠰᠠᠨ᠎ᠠ ︕

ᠮᠥᠩᠭᠡ ᠠᠰᠠᠨ᠎ᠠ ︕ ᠡᠩᠭᠡ ᠠᠰᠠᠨ᠎ᠠ ︕

ᠠᠰᠠᠨ᠎ᠠ ᠪᠢᠯᠠ ᠡ ︕ ᠠᠰᠠᠨ᠎ᠠ ᠪᠢᠯᠠ ᠡ ︕

ᠳᠡᠨᠢᠭᠦᠨ ᠠᠽᠢᠶ᠎ᠠ ᠶᠢᠨ ᠨᠠᠷᠠᠨ ᠤ ᠦᠷᠳᠠᠰᠤ ᠪᠠᠷ

         《ᠳᠠᠮᠤᠷ ᠳᠤᠭᠤᠷᠠᠢ》 ᠳᠠᠴᠢᠭᠢᠨᠠᠩᠬᠠᠨ ᠳᠦᠷᠯᠵᠡᠭ᠍ᠰᠡᠭᠡᠷ

《ᠳᠡᠭ᠍ᠷᠢ ᠶᠢᠨ ᠪᠣᠳᠤᠭᠤ》 ᠶ᠋ᠢᠨ ᠣᠶᠠᠬᠠᠨ ᠪᠣᠢ᠌ᠯᠠᠭᠠᠨ ᠵᠢᠠᠷ

         《ᠮᠥᠩᠭᠡ ᠳᠡᠭ᠍ᠷᠢ》 ᠭᠡᠭᠡᠷᠡᠨ ᠠᠰᠠᠨ᠎ᠠ ︕

ᠳᠡᠷᠭᠡᠯ ᠮᠤᠩᠭ᠋ᠤᠯ ᠤᠨ ᠢᠯᠭᠤᠭᠰᠠᠨ ᠰᠤᠶᠤᠯ ᠵᠢᠠᠷ

         ᠠᠯᠠᠱᠠ ᠲᠦᠮᠡᠨ ᠣᠴᠢᠯᠠᠩᠬᠠᠨ ᠭᠢᠯᠠᠯᠵᠠᠭᠰᠠᠭᠠᠷ

ᠳᠡᠭ᠍ᠷᠢ ᠴᠤᠷᠭᠢᠭᠰᠠᠨ ᠳᠡᠮᠡᠭᠡᠨ ᠰᠢᠠᠳᠠᠰᠤ ᠪᠠᠷ

         ᠢᠷᠠᠭᠤ ᠨᠠᠢ᠌ᠷᠠᠭ ᠣᠮᠳᠠᠯᠠᠨ ᠠᠰᠠᠨ᠎ᠠ ︕

ᠳᠡᠩᠭᠢᠯ ᠨᠠᠢ᠌ᠷᠠᠭᠴᠢᠳ ᠤᠨ ᠣᠮᠤᠭᠤᠯᠠᠩ ᠣᠩᠭ᠋ᠤᠳ ᠵᠢᠠᠷ

         ᠡᠷᠡᠨ ᠵᠠᠭᠤᠨ ᠢ ᠰᠤᠪᠢᠯᠠᠩᠬᠠᠨ ᠠᠷᠭᠠᠮᠵᠢᠭᠰᠠᠭᠠᠷ

ᠳᠡᠩᠭᠡᠭᠡᠳᠤ ᠨᠠᠢ᠌ᠷ ᠤᠨ ᠦᠨᠳᠦᠷ ᠰᠤᠷᠢᠭ᠎ᠠ ᠪᠠᠷ

         ᠬᠠᠢ᠌ᠷ᠎ᠠ ᠶᠢᠨ ᠤᠶᠠᠩ‍ᠭ᠎ᠠ ᠢᠷᠠᠭᠤᠰᠠᠨ ᠠᠰᠠᠨ᠎ᠠ ︕

ᠠᠯᠠᠱᠠ ᠨᠠᠢ᠌ᠷᠠᠭ ᠤᠨ ᠰᠤᠯᠤᠩᠭ᠋ᠠᠨ ᠳᠤᠤᠯᠢᠶᠠᠨ


ᠠᠷᠤ ᠳᠤ ᠠᠰᠠᠨ᠎ᠠ ︕ ᠦᠪᠣᠷ ᠲᠤ ᠠᠰᠠᠨ᠎ᠠ ︕

ᠠᠰᠠᠨ᠎ᠠ ᠪᠢᠯᠠ ᠡ ︕ ᠠᠰᠠᠨ᠎ᠠ ᠪᠢᠯᠠ ᠡ ︕

ᠬᠠᠩᠭ᠋ᠠᠢ ᠶᠢᠨ ᠵᠠᠭ ᠲᠠᠭᠢ ᠴᠠᠭᠠᠨ ᠭᠤᠶᠤᠤ ᠶᠢᠨ ᠣᠷᠬᠤᠳᠠᠢ ᠪᠠᠷ

         ᠭᠤᠸ᠎ᠠ ᠳᠠᠮᠢᠷ ᠳᠠᠩᠭᠢᠵᠢᠩᠬᠠᠨ ᠴᠢᠭᠢᠷᠠᠭᠵᠢᠭᠰᠠᠭᠠᠷ

ᠬᠠᠢ᠌ᠷ᠎ᠠ ᠶᠢᠨ ᠰᠢᠮ᠎ᠠ ᠵᠢᠷᠠᠳᠠᠢ ᠶᠢᠨ ᠳᠠᠪᠣᠰᠤᠨ ᠢᠪᠠᠯᠤᠯ ᠵᠢᠠᠷ

         ᠡᠭᠡ ᠶᠢᠨ ᠰᠥ᠋ ᠰᠭᠠᠮᠰᠢᠷᠠᠨ ᠠᠰᠠᠨ᠎ᠠ ︕

ᠬᠠᠷᠢ ᠶᠢᠨ ᠵᠢᠭᠤᠴᠢᠯᠠᠯ ᠥᠵᠡᠰᠭᠦᠯᠡᠩ ᠡᠷᠳᠡᠨᠢ ᠪᠠᠷ

         ᠭᠤᠪᠢ ᠶᠢᠨ ᠴᠢᠯᠠᠭᠤᠳ ᠨᠢ ᠠᠮᠢᠯᠠᠩᠬᠠᠨ ᠠᠶᠠᠯᠠᠭᠰᠠᠭᠠᠷ

ᠬᠠᠯᠠᠭᠤᠨ ᠢᠯᠴᠢ ᠭᠤᠷᠪᠠᠨ ᠤ ᠨᠡᠭᠦᠷᠡᠰᠤᠨ ᠤ ᠢᠪᠠᠭᠡᠯ ᠵᠢᠠᠷ

         ᠡᠴᠢᠭᠡ ᠶᠢᠨ ᠢᠳᠡᠭᠡᠯ ᠳᠤᠯᠠᠭᠠᠴᠠᠨ ᠠᠰᠠᠨ᠎ᠠ ︕

ᠬᠠᠢ᠌ᠷᠬᠠᠨ ᠠᠯᠠᠱᠠ ᠪᠠᠶᠠᠨ ᠰᠦᠮᠪᠦᠷ ᠵᠢᠠᠷ

         ᠭᠦᠰᠡᠯ ᠤᠨ ᠰᠠᠴᠤᠯᠢ ᠳᠡᠭᠡᠵᠢᠯᠡᠩᠭᠡᠨ ᠡᠷᠭᠦᠭ᠍ᠰᠡᠭᠡᠷ

ᠬᠠᠳᠠᠨ ᠵᠤᠷᠢᠮᠠᠭ ᠰᠠᠴᠠᠨ ᠮᠠᠯᠮᠠᠢ ᠪᠠᠷ ᠵᠢᠷᠦᠭᠡᠨ ᠠᠯᠠᠱᠠ ᠮᠠᠠᠳᠤᠵᠤ ᠠᠰᠠᠨ᠎ᠠ ︕

ᠳᠡᠮᠡᠭᠡᠳᠤ ᠬᠤᠳᠠ ᠶᠢᠨ ᠡᠵᠡᠨ ᠪᠦᠷᠢᠯᠸ᠎ᠡ

ᠳᠡᠭ᠍ᠷᠢ ᠳᠤ ᠠᠰᠠᠨ᠎ᠠ ︕ ᠭᠠᠵᠠᠷ ᠲᠤ ᠠᠰᠠᠨ᠎ᠠ ︕

      

      

ᠵᠤᠬᠢᠶᠠᠭᠴᠢ ᠶᠢᠨ ᠬᠠ‍‌ᠶᠢᠭ ᠄ ᠠᠯᠠᠱᠠ ᠷᠠᠳᠠᠤ᠋ ᠬᠤᠷᠢᠶ᠎ᠠ

ᠵᠤᠬᠢᠶᠠᠭᠴᠢ᠄ ᠪᠠ᠊·ᠪᠣᠶᠠᠠᠸᠴᠢᠷ
ᠬᠠᠷᠢᠶ᠎ᠠ᠄ ᠰᠢᠯᠦᠭ
ᠳᠠᠷᠤᠮ᠄ 1900
ᠴᠠᠭ᠄ 2011 ᠤᠨ ᠤ 07 ᠰᠠᠷ᠎ᠠ ᠶᠢᠨ 17